ᠮᠣᠩᠭᠤᠯ ᠤᠯᠤᠰ ᠤ᠋ᠨ ᠨᠠᠰᠤᠨ ᠳ᠋ᠤ ᢈᠦᠷᠦᢉᠰᠡᠨ ᠢᠷᢉᠡᠳ ᠦ᠋ᠨ ᠘᠗᠂᠒% ᠨᠢ E-Mongolia-ᠭ ᠢᠳᠡᠪᢈᠢ ᠲᠡᠢ ᠠᠰᠢᠭᠯᠠᠵᠤ ᠪᠠᠶᠢᠨ᠎ᠠ


ᠮᠣᠩᠭᠤᠯ ᠤᠯᠤᠰ ᠤ᠋ᠨ ᠵᠠᠰᠠᠭ ᠤ᠋ᠨ ᠭᠠᠵᠠᠷ ᠠ᠋ᠴᠠ ᠒᠐᠑᠓ ᠣᠨ ᠳ᠋ᠤ ᠰᠠᠨᠠᠭᠠᠴᠢᠯᠠᠨ ᢈᠡᠷᠡᢉᠵᠢᢉᠦᠯᠦᢉᠰᠡᠨ E-Mongolia ᠲᠥᠰᠦᠯ ᠢ᠋ ᠒᠐᠒᠐ ᠣᠨ ᠤ᠋ ᠑᠐ ᠳ᠋ᠤᠭᠠᠷ ᠰᠠᠷ᠎ᠠ ᠶ᠋ᠢᠨ ᠐᠒- ᠤ᠋ᠨ ᠡᠳᠦᠷ ᠠᠯᠪᠠᠨ ᠶᠣᠰᠤᠭᠠᠷ ᠨᠡᠪᠲᠡᠷᠡᢉᠦᠯᠦᢉᠰᠡᠨ ᠦ᠋ ᠦᠷ᠎ᠡ ᠳ᠋ᠦᠩ ᠳ᠋ᠦ ᠲᠥᠷᠦ ᠶ᠋ᠢᠨ ᠒᠓ ᠪᠠᠶᠢᠭᠤᠯᠤᠯᠭ᠎ᠠ ᠶ᠋ᠢᠨ ᠑᠘᠑ ᠦᠢᠯᠡᠴᠢᠯᠡᢉᠡ ᠶ᠋ᠢ ᠢᠷᢉᠡᠳ ᠴᠠᢈᠢᠮ ᠢ᠋ᠶᠠᠷ ᠠᠪᠬᠤ ᠪᠣᠯᠤᠮᠵᠢ ᠲᠠᠢ ᠪᠣᠯᠭᠠᠭᠰᠠᠨ᠃  ᠬᠠᠷᠢᠨ ᠒᠐᠒᠕ ᠣᠨ ᠤ᠋ ᠪᠠᠶᠢᠳᠠᠯ ᠢ᠋ᠶᠠᠷ ᠘᠗ ᠪᠠᠶᠢᠭᠤᠯᠤᠯᠭ᠎ᠠ ᠶ᠋ᠢᠨ ᠑᠒᠖᠓ ᠦᠢᠯᠡᠴᠢᠯᠡᢉᠡ ᠶ᠋ᠢ ᠴᠠᢈᠢᠮ ᠢ᠋ᠶᠠᠷ ᠠᠪᠬᠤ ᠪᠣᠯᠤᠮᠵᠢ ᠲᠠᠢ ᠪᠣᠯᠤᠭᠠᠳ ᠪᠠᠶᠢᠨ᠎ᠠ᠃  ᠒᠐᠒᠔ ᠣᠨ ᠤ᠋ ᠵᠢᠯ ᠦ᠋ᠨ ᠡᠴᠦᠰ ᠦ᠋ᠨ ᠪᠠᠶᠢᠳᠠᠯ ᠢ᠋ᠶᠠᠷ ᠗᠐ ᠰᠠᠶ᠋ᠢ ᠤᠳᠠᠭ᠎ᠠ ᠶ᠋ᠢᠨ ᠦᠢᠯᠡᠴᠢᠯᠡᢉᠡ ᠶ᠋ᠢ ᠠᠮᠵᠢᠯᠲᠠᠲᠠᠢ ᠦᠵᠡᢉᠦᠯᠵᠦ᠂ ᠢᠷᢉᠡᠳ ᠡᠴᠡ ᠨᠡᠶᠢᠲᠡ ᠑᠂᠔ ᠶᠡᢈᠡ ᠨᠠᠶᠤᠳ ᠲᠥᢉᠦᠷᠢᢉ ᠦ᠋ᠨ ᢈᠡᠮᠨᠡᠯᠲᠡ ᢈᠢᢉᠰᠡᠨ ᢉᠡᠰᠡᠨ ᠲᠣᠭᠠᠴᠠᠭᠠᠯᠠᠯ ᠪᠤᠢ᠃  ᠣᠳᠤ ᠶ᠋ᠢᠨ ᠪᠠᠶᠢᠳᠠᠯ ᠢ᠋ᠶᠠᠷ ᠲᠤᠰ ᠰᠢᠰᠲ᠋ᠧᠮ ᠳ᠋ᠦ ᠑᠂᠙᠙᠙᠂᠒᠖᠗ ᢈᠡᠷᠡᢉᠯᠡᢉᠴᠢ ᠪᠦᠷᠢᠳᢈᠡᠯ ᠲᠡᠢ ᠪᠠᠶᠢᠭ᠎ᠠ ᠨᠢ ᠮᠣᠩᠭᠣᠯ ᠤᠯᠤᠰ ᠤ᠋ᠨ ᠑᠘- ᠠ᠋ᠴᠠ ᠳᠡᢉᠡᢉᠰᠢ ᠨᠠᠰᠤ ᠲᠠᠢ ᠢᠷᢉᠡᠳ ᠦ᠋ᠨ ᠘᠗᠂᠒% ᠨᠢ ᠤᠭ ᠰᠢᠰᠲ᠋ᠧᠮ ᠢ᠋ ᠠᠰᠢᠭᠯᠠᠵᠤ ᠪᠠᠶᠢᠨ᠎ᠠ᠃  E-Mongolia ᠰᠢᠰᠲ᠋ᠧᠮ ᠢ᠋ ᠢᠳᠡᠪᢈᠢ ᠲᠡᠢ ᠠᠰᠢᠭᠯᠠᠵᠤ ᠪᠤᠢ ᠢᠷᢉᠡᠳ ᠢ᠋ ᠨᠠᠰᠤᠨ ᠤ᠋ ᠪᠦᠯᠦᢉ ᠢ᠋ᠶᠡᠷ ᠠᠪᠴᠤ ᠦᠵᠡᠪᠡᠯ:
– ᠑᠘-᠒᠔ ᠨᠠᠰᠤᠨ ᠤ᠋ ᠒᠖᠑᠂᠒᠓᠕ ᢈᠡᠷᠡᢉᠯᠡᢉᠴᠢ
– ᠒᠕-᠓᠔ ᠨᠠᠰᠤᠨ ᠤ᠋ ᠔᠖᠓᠂᠖᠒᠑ ᢈᠡᠷᠡᢉᠯᠡᢉᠴᠢ
– ᠓᠕-᠔᠔ ᠨᠠᠰᠤᠨ ᠤ᠋ ᠕᠑᠘᠂᠒᠘᠑ ᢈᠡᠷᠡᢉᠯᠡᢉᠴᠢ (ᠬᠠᠮᠤᠭ ᠤ᠋ᠨ ᠢᠳᠡᠪᢈᠢ ᠲᠡᠢ ᠪᠦᠯᠦᢉ)
– ᠔᠕-᠕᠔ ᠨᠠᠰᠤᠨ ᠤ᠋ ᠓᠗᠒᠂᠙᠔᠕ ᢈᠡᠷᠡᢉᠯᠡᢉᠴᠢ
– ᠕᠕+ ᠨᠠᠰᠤᠨ ᠤ᠋ ᠓᠘᠓᠂᠑᠘᠕ ᢈᠡᠷᠡᢉᠯᠡᢉᠴᠢᠳ ᠪᠦᠷᠢᠳᢈᠡᠯ ᠲᠡᠢ ᠪᠠᠶᠢᠨ᠎ᠠ᠃  ᠡᠳᠡᢉᠡᠷ ᠲᠣᠭᠠᠨ ᠦᠵᠡᢉᠦᠯᠦᠯᠲᠡ ᠨᠢ ᠲᠥᠷᠦ ᠶ᠋ᠢᠨ ᠦᠢᠯᠡᠴᠢᠯᠡᢉᠡ ᠶ᠋ᠢ ᠴᠠᢈᠢᠮᠵᠢᠭᠤᠯᠬᠤ ᠪᠣᠳᠤᠯᠭ᠎ᠠ ᠨᠢ ᠢᠷᢉᠡᠳ ᠦ᠋ᠨ ᠠᠮᠢᠳᠤᠷᠠᠯ ᠳ᠋ᠤ ᢈᠡᠷᢈᠢᠨ ᠨᠥᠯᠦᢉᠡᠯᠡᠵᠦ ᠪᠤᠢ ᠶ᠋ᠢ ᠲᠣᠳᠤᠷᠬᠠᠢ ᠬᠠᠷᠠᠭᠤᠯᠵᠤ ᠪᠠᠶᠢᠨ᠎ᠠ᠃  ᠢᠷᢉᠡᠳ ᠦ᠋ᠨ ᠬᠠᠮᠤᠭ ᠤ᠋ᠨ ᠲᠦᢉᠡᠮᠡᠯ ᠠᠰᠢᠭᠯᠠᠳᠠᠭ ᠦᠶᠢᠯᠡᠴᠢᠯᠡᢉᠡ (ᠨᠠᠰᠤᠨ ᠤ᠋ ᠠᠩᢉᠢᠯᠠᠯ ᠢ᠋ᠶᠠᠷ)
᠑᠘- ᠠ᠋ᠴᠠ ᠳᠣᠭᠤᠭᠰᠢ ᠨᠠᠰᠤ
– ᠢᠷᢉᠡᠨ ᠦ᠋ ᠦᠨᠡᠮᠯᠡᢈᠦ ᠶ᠋ᠢᠨ ᠯᠠᠪᠯᠠᠭ᠎ᠠ᠂
– ᠲᠥᠷᠦᢉᠰᠡᠨ ᠦ᠋ ᠪᠦᠷᠢᠳᢈᠡᠯ ᠦ᠋ᠨ ᠯᠠᠪᠯᠠᠭ᠎ᠠ᠂
– ᠢᠷᢉᠡᠨ ᠦ᠋ ᠣᠷᠤᠰᠢᠨ ᠰᠠᠭᠤᠭ᠎ᠠ ᠭᠠᠵᠠᠷ ᠤ᠋ᠨ ᠬᠠᠶ᠋ᠢᠭ ᠤ᠋ᠨ ᠪᠦᠷᠢᠳᢈᠡᠯ ᠦ᠋ᠨ ᠯᠠᠪᠯᠠᠭ᠎ᠠ᠂
– ᠰᠢᠨᠵᠢᠯᠡᢉᠡᠨ ᠦ᠋ ᠬᠠᠷᠢᠭᠤ ᠠᠪᠬᠤ᠂
– ᠲᠥᠷᠦᢉᠰᠡᠨ ᠦ᠋ ᠪᠦᠷᠢᠳᢈᠡᠯ ᠦ᠋ᠨ ᠯᠠᠪᠯᠠᠭ᠎ᠠ /ᠠᠩᢉᠯᠢ/᠂ ᠑᠘-᠒᠔ ᠨᠠᠰᠤ
– ᠨᠡᠶᠢᢉᠡᠮ ᠦ᠋ᠨ ᠳᠠᠭᠠᠳᠬᠠᠯ ᠤ᠋ᠨ ᠰᠢᠮᠡᠳᢈᠡᠯ ᠲᠥᠯᠦᠯᠲᠡ ᠶ᠋ᠢᠨ ᠲᠠᠯᠠᠭᠠᠷᢈᠢ ᠲᠣᠳᠤᠷᠬᠠᠶᠢᠯᠠᠯᠲᠠ᠂
-ᠢᠷᢉᠡᠨ ᠦ᠋ ᠦᠨᠡᠮᠯᠡᢈᠦ ᠶ᠋ᠢᠨ ᠯᠠᠪᠯᠠᠭ᠎ᠠ᠂
– ᠡᠷᠡᢉᠦᠯ ᠮᠡᠨᠳᠦ ᠶ᠋ᠢᠨ ᠳᠠᠭᠠᠳᠬᠠᠯ ᠤ᠋ᠨ ᠲᠥᠯᠦᠯᠲᠡ ᠰᠢᠯᠭᠠᠬᠤ᠂
– ᠢᠷᢉᠡᠨ ᠦ᠋ ᠣᠷᠤᠰᠢᠨ ᠰᠠᠭᠤᠭ᠎ᠠ ᠭᠠᠵᠠᠷ ᠤ᠋ᠨ ᠬᠠᠶ᠋ᠢᠭ ᠤ᠋ᠨ ᠪᠦᠷᠢᠳᢈᠡᠯ ᠦ᠋ᠨ ᠯᠠᠪᠯᠠᠭ᠎ᠠ᠂
– ᠸᠠᠻᠼᠢᠨ ᠤ᠋ ᢉᠡᠷᠡᠴᠢᠯᠡᢉᠡ ᠒᠕-᠓᠔ ᠨᠠᠰᠤ
– ᠨᠡᠶᠢᢉᠡᠮ ᠦ᠋ᠨ ᠳᠠᠭᠠᠳᠬᠠᠯ ᠤ᠋ᠨ ᠰᠢᠮᠡᠳᢈᠡᠯ ᠲᠥᠯᠦᠯᠲᠡ ᠶ᠋ᠢᠨ ᠲᠠᠯᠠᠭᠠᠷᢈᠢ ᠲᠣᠳᠤᠷᠬᠠᠶᠢᠯᠠᠯᠲᠠ᠂
– ᠢᠷᢉᠡᠨ ᠦ᠋ ᠦᠨᠡᠮᠯᠡᢈᠦ ᠶ᠋ᠢᠨ ᠯᠠᠪᠯᠠᠭ᠎ᠠ᠂
– ᠢᠷᢉᠡᠨ ᠦ᠋ ᠣᠷᠤᠰᠢᠨ ᠰᠠᠭᠤᠭ᠎ᠠ ᠭᠠᠵᠠᠷ ᠤ᠋ᠨ ᠬᠠᠶ᠋ᠢᠭ ᠤ᠋ᠨ ᠪᠦᠷᠢᠳᢈᠡᠯ ᠦ᠋ᠨ ᠯᠠᠪᠯᠠᠭ᠎ᠠ᠂
– ᠵᠢᠯᠤᠭᠤᠴᠢ ᠶ᠋ᠢᠨ ᠯᠠᠪᠯᠠᠭ᠎ᠠ ᠮᠡᠳᠡᢉᠡᠯᠡᠯ᠂
– ᠸᠠᠻᠼᠢᠨ ᠤ᠋ ᢉᠡᠷᠡᠴᠢᠯᠡᢉᠡ᠂ ᠓᠕-᠕᠔ ᠨᠠᠰᠤ
– ᠨᠡᠶᠢᢉᠡᠮ ᠦ᠋ᠨ ᠳᠠᠭᠠᠳᠬᠠᠯ ᠤ᠋ᠨ ᠰᠢᠮᠡᠳᢈᠡᠯ ᠲᠥᠯᠦᠯᠲᠡ ᠶ᠋ᠢᠨ ᠲᠠᠯᠠᠭᠠᠷᢈᠢ ᠲᠣᠳᠤᠷᠬᠠᠶᠢᠯᠠᠯᠲᠠ᠂
– ᠢᠷᢉᠡᠨ ᠦ᠋ ᠦᠨᠡᠮᠯᠡᢈᠦ ᠶ᠋ᠢᠨ ᠯᠠᠪᠯᠠᠭ᠎ᠠ᠂
– ᠢᠷᢉᠡᠨ ᠦ᠋ ᠣᠷᠤᠰᠢᠨ ᠰᠠᠭᠤᠭ᠎ᠠ ᠭᠠᠵᠠᠷ ᠤ᠋ᠨ ᠬᠠᠶ᠋ᠢᠭ ᠤ᠋ᠨ ᠪᠦᠷᠢᠳᢈᠡᠯ ᠦ᠋ᠨ ᠯᠠᠪᠯᠠᠭ᠎ᠠ᠂
– ᠵᠢᠯᠤᠭᠤᠴᠢ ᠶ᠋ᠢᠨ ᠯᠠᠪᠯᠠᠭ᠎ᠠ ᠮᠡᠳᠡᢉᠡᠯᠡᠯ᠂
– ᠠᠦᠲ᠋ᠤᠲ ᠢ᠋ᠶᠡᠷ ᠦ᠋ᠨ ᢈᠡᠷᠡᢉᠰᠡᠯ ᠦ᠋ᠨ ᠲᠣᠷᠭᠠᠭᠤᠯᠢ ᠶ᠋ᠢᠨ ᠮᠡᠳᠡᢉᠡᠯᠡᠯ᠂ ᠕᠕+ ᠨᠠᠰᠤ
– ᠨᠡᠶᠢᢉᠡᠮ ᠦ᠋ᠨ ᠳᠠᠭᠠᠳᠬᠠᠯ ᠤ᠋ᠨ ᠰᠢᠮᠡᠳᢈᠡᠯ ᠲᠥᠯᠦᠯᠲᠡ ᠶ᠋ᠢᠨ ᠲᠠᠯᠠᠭᠠᠷᢈᠢ ᠲᠣᠳᠤᠷᠬᠠᠶᠢᠯᠠᠯᠲᠠ᠂
– ᠢᠷᢉᠡᠨ ᠦ᠋ ᠦᠨᠡᠮᠯᠡᢈᠦ ᠶ᠋ᠢᠨ ᠯᠠᠪᠯᠠᠭ᠎ᠠ᠂ ᠸᠠᠻᠼᠢᠨ ᠤ᠋ ᢉᠡᠷᠡᠴᠢᠯᠡᢉᠡ᠂
– ᠢᠷᢉᠡᠨ ᠦ᠋ ᠣᠷᠤᠰᠢᠨ ᠰᠠᠭᠤᠭ᠎ᠠ ᠭᠠᠵᠠᠷ ᠤ᠋ᠨ ᠬᠠᠶ᠋ᠢᠭ ᠤ᠋ᠨ ᠪᠦᠷᠢᠳᢈᠡᠯ ᠦ᠋ᠨ ᠯᠠᠪᠯᠠᠭ᠎ᠠ᠂
– ᠠᠦ᠋ᠲ᠋ᠣ᠋ᠲ᠋ᠢᢉᠡᠪᠦᠷ ᠦ᠋ᠨ ᢈᠡᠷᠡᢉᠰᠡᠯ ᠦ᠋ᠨ ᠲᠣᠷᠭᠠᠭᠤᠯᠢ ᠶ᠋ᠢᠨ ᠮᠡᠳᠡᢉᠡᠯᠡᠯ ᠦᠢᠯᠡᠴᠢᠯᠡᢉᠡ ᠨᠦ᠋ᢉᠦᠳ ᠢ᠋ ᠬᠠᠮᠤᠭ ᠤ᠋ᠨ ᠣᠯᠠᠨ ᠤᠳᠠᠭ᠎ᠠ ᠠᠪᠤᠭᠰᠠᠨ ᠪᠠᠶᠢᠨ᠎ᠠ᠃  ᠴᠠᠭᠠᠰᠢᠳᠠ E-Mongolia ᠰᠢᠰᠲ᠋ᠧᠮ ᠳ᠋ᠦ ᠢᠷᢉᠡᠳ ᠦ᠋ᠨ ᢈᠡᠷᠡᢉᠴᠡᢉᠡ ᠱᠠᠭᠠᠷᠳᠠᠯᠭ᠎ᠠ ᠳ᠋ᠤ ᠲᠤᠯᠭᠠᠭᠤᠷᠢᠯᠠᠨ ᠵᠠᠶᠢᠯᠠᠰᠢ ᠦᢉᠡᠢ ᠱᠠᠭᠠᠷᠳᠠᠯᠭᠠᠲᠠᠢ ᠦᠢᠯᠡᠴᠢᠯᠡᢉᠡ ᠨᠦ᠋ᢉᠦᠳ ᠢ᠋ ᠬᠣᠯᠪᠤᠭᠳᠠᠬᠤ ᠪᠠᠶᠢᠭᠤᠯᠤᠯᠭ᠎ᠠ ᠨᠤᠭᠤᠳ ᠲᠠᠢ ᠬᠠᠮᠲᠤᠷᠠᠨ᠂ ᠢᠷᢉᠡᠳ ᠦ᠋ᠨ ᠰᠠᠨᠠᠯ ᢈᠦᠰᠡᠯᠲᠡ ᠶ᠋ᠢᠨ ᠳᠠᠭᠠᠭᠤ ᠰᠢᠢᠳᠪᠦᠷᠢᠯᠡᠵᠦ ᠴᠠᠭ ᠠᠯᠳᠠᠯ ᠦᢉᠡᠢ ᠨᠡᠪᠲᠡᠷᠡᢉᠦᠯᢈᠦ ᠪᠣᠯᠤᠨ᠎ᠠ᠃  ᠢᠷᢉᠡᠳ E-Mongolia ᠰᠢᠰᠲ᠋ᠧᠮ ᠢ᠋ ᠠᠰᠢᠭᠯᠠᠭᠰᠠᠨ ᠢ᠋ᠶᠠᠷ ᠴᠠᠭ ᠬᠤᠭᠤᠴᠠᠭ᠎ᠠ᠂ ᠰᠠᠩᢈᠦᠦ ᠶ᠋ᠢᠨ ᠵᠠᠷᠤᠳᠠᠯ ᠢ᠋ᠶᠠᠨ ᢈᠡᠮᠨᠡᠵᠦ᠂ ᠲᠥᠷᠦ ᠶ᠋ᠢᠨ ᠦᠢᠯᠡᠴᠢᠯᠡᢉᠡ ᠶ᠋ᠢ ᠬᠤᠷᠳᠤᠨ᠂ ᢈᠢᠯᠪᠠᠷ ᠠᠪᠬᠤ ᠪᠣᠯᠤᠮᠵᠢ ᠲᠠᠢ ᠶᠤᠮ᠃  ᠲᠥᠷᠦ ᠶ᠋ᠢᠨ ᠦᠶᠢᠯᠡᠴᠢᠯᠡᢉᠡ ᠶ᠋ᠢ ᠲᠠᠨ ᠤ᠋ ᠭᠠᠷ ᠲᠤ E-Mongolia

ᠨᠡᠶᠢᠲᠡᠯᠡᠭᠰᠡᠨ᠄