“ᠢ-ᠮᠣᠩᠭᠤᠯ ᠠᠻᠠᠳ᠋ᠧᠮᠢ” ᠤᠲᠤᠭ ᠒᠐᠒᠕ ᠣᠨ ᠳ᠋ᠤ ᠢᠷᢉᠡᠳ ᠲᠦ ᠲᠥᠷᠦ ᠶ᠋ᠢᠨ ᠦᠢᠯᠡᠴᠢᠯᠡᢉᠡᠨ ᠦ᠋ ᢈᠦᠷᠲᠡᢉᠡᠮᠵᠢ ᠶ᠋ᠢ ᠨᠡᠮᠡᢉᠳᠡᢉᠦᠯᢈᠦ᠂ ᠦᠢᠯᠡᠴᠢᠯᠡᢉᠡ ᠶ᠋ᠢ ᢈᠢᠯᠪᠠᠷᠰᠢᠭᠤᠯᠬᠤ ᠵᠣᠷᠢᠯᠭᠠ ᠪᠠᠷ ᠨᠡᠩ ᠲᠡᠷᠢᢉᠦᠨ ᠳ᠋ᠦ ᠱᠠᠭᠠᠷᠳᠠᠯᠭᠠᠲᠠᠢ᠂ ᢈᠡᠷᠡᢉᠴᠡᢉᠡ ᠲᠡᠢ ᠦᠢᠯᠡᠴᠢᠯᠡᢉᠡ ᠨᠦ᠋ᢉᠦᠳ ᠢ᠋ ᠨᠡᠪᠲᠡᠷᠡᢉᠦᠯᠦᢉᠰᠡᢉᠡᠷ ᠪᠠᠶᠢᠨᠠ᠃ ᠲᠡᢉᠡᠪᠡᠯ ᠡᠨᠡ ᠤᠳᠠᠭᠠ ᠳ᠋ᠤ ᠳ᠂ ᠨᠠᠴᠤᠭᠳᠣᠷᠵᠢ ᠶ᠋ᠢᠨ ᠨᠡᠷᠡᠮᠵᠢᠲᠦ ᠤᠯᠠᠭᠠᠨᠪᠠᠭᠠᠲᠤᠷ ᠬᠣᠲᠠ ᠶ᠋ᠢᠨ ᠨᠡᠶᠢᠲᠡ ᠶ᠋ᠢᠨ ᠲᠥᠪ ᠨᠣᠮ ᠤ᠋ᠨ ᠰᠠᠩ ᠲᠠᠢ ᠬᠠᠮᠲᠤᠷᠠᠨ E-Mongolia ᠰᠢᠰᠲ᠋ᠧᠮ ᠢ᠋ᠶᠡᠷ ᠤᠩᠰᠢᠭᠴᠢ ᠪᠠᠷ ᠪᠦᠷᠢᠳᢈᠡᢉᠦᠯᢈᠦ ᠪᠦᠷᠢᠳᢈᠡᢉᠦᠯᢈᠦ ᠪᠣᠯᠤᠮᠵᠢ ᠶ᠋ᠢ ᠪᠦᠷᠢᠳᠦᢉᠦᠯᠦᢉᠡᠳ ᠪᠠᠶᠢᠨᠠ᠃ ᠡᠮᠦᠨᠡ ᠨᠢ ᠳᠡᢉᠡᠷᠡᢈᠢ ᠨᠣᠮ ᠤ᠋ᠨ ᠰᠠᠩ ᠳ᠋ᠤ ᠤᠩᠰᠢᠭᠴᠢ ᠪᠠᠷ ᠪᠦᠷᠢᠳᢈᠡᢉᠦᠯᢈᠦ ᠶ᠋ᠢᠨ ᠲᠤᠯᠠᠳᠠ ᠢᠷᢉᠡᠳ ᠵᠠᠪᠠᠯ ᠥᠪᠡᠷ ᠦ᠋ᠨ ᠪᠡᠶᠡ ᠪᠡᠷ ᠣᠴᠢᠵᠤ᠂ ᠪᠢᠴᠢᢉ ᠪᠠᠷᠢᠮᠲᠠ ᠲᠠᠢ ᠪᠠᠨ ᠪᠦᠷᠢᠳᢈᠡᠯ ᢈᠢᠯᢉᠡᠳᠡᢉ ᠪᠠᠶᠢᠭᠰᠠᠨ ᠪᠣᠯ ᠣᠳᠤ “ᠢ-ᠮᠣᠩᠭᠣᠯᠢᠶᠠ” ᠠᠫᠫᠯᠢᠻᠧᠢᠢᠱᠢᠨ᠋ ᠠᠰᠢᠭᠯᠠᠨ᠂ ᠪᠣᠭᠤᠨᠢᠬᠠᠨ ᠬᠤᠭᠤᠴᠠᠭᠠᠨ ᠳ᠋ᠤ ᠤᠩᠰᠢᠭᠴᠢ ᠪᠠᠷ ᠪᠦᠷᠢᠳᢈᠡᢉᠦᠯᢈᠦ ᠪᠣᠯᠤᠮᠵᠢ ᠲᠠᠢ ᠪᠣᠯᠤᠭᠰᠠᠨ ᠨᠢ ᠢᠷᢉᠡᠳ ᠴᠠᠭ ᠵᠠᠪ ᠢ᠋ᠶᠠᠨ ᢈᠡᠮᠨᠡᠵᠦ᠂ ᠱᠠᠭᠠᠷᠳᠠᠯᠭᠠᠲᠠᠢ ᠦᠢᠯᠡᠴᠢᠯᠡᢉᠡ ᠪᠡᠨ ᢈᠢᠯᠪᠠᠷ ᠢ᠋ᠶᠠᠷ ᠠᠪᠬᠤ ᠪᠣᠯᠤᠮᠵᠢ ᠪᠦᠷᠢᠳᠦᠯᠡ᠃ ᠨᠣᠮ ᠤ᠋ᠨ ᠰᠠᠩ ᠤ᠋ᠨ ᠪᠦᠷᠢᠳᢈᠡᠯ ᠦ᠋ᠨ ᠲᠥᠯᠦᠪᠦᠷᠢ ᠶ᠋ᠢᠨ ᠬᠤᠪᠢ ᠳ᠋ᠤ:
• ᠨᠠᠰᠤᠨ ᠳ᠋ᠤ ᢈᠦᠷᠦᢉᠴᠢᠳ : ᠕᠐᠐᠐₮
• ᠲᠡᠳᢈᠦᠪᠦᠷᠢ ᠶ᠋ᠢᠨ ᠨᠠᠰᠤ ᠲᠠᠢ (᠕᠖- ᠠ᠋ᠴᠠ ᠳᠡᢉᠡᢉᠰᠢ ᠨᠠᠰᠤ): ᠒᠐᠐᠐₮
• ᠲᠤᠰᠬᠠᠢ ᢈᠡᠷᠡᢉᠴᠡᢉᠡᠲᠦ : ᠒᠐᠐᠐₮ ᠲᠤᠰ ᠲᠤᠰ ᠪᠠᠶᠢᠨᠠ᠃ ᠮᠥᠨ ᠤᠯᠠᠭᠠᠨᠪᠠᠭᠠᠲᠤᠷ ᠬᠣᠲᠠ ᠶ᠋ᠢᠨ ᠨᠡᠶᠢᠲᠡ ᠶ᠋ᠢᠨ ᠲᠥᠪ ᠨᠣᠮ ᠤ᠋ᠨ ᠰᠠᠩ ᠳ᠋ᠤ ᠪᠦᠷᠢᠳᢈᠡᢉᠦᠯᠦᢉᠰᠡᠨ ᠢ᠋ᠶᠡᠷ ᠪᠠᠶᠢᠷᠢᠯᠠᠬᠤ ᠔ ᠰᠠᠯᠪᠤᠷᠢ ᠨᠣᠮ ᠤ᠋ᠨ ᠰᠠᠩ ᠳ᠋ᠤ ᠦᠢᠯᠡᠴᠢᠯᠡᢉᠦᠯᢈᠦ ᠡᠷᢈᠡ ᠲᠡᠢ ᠪᠣᠯᠤᠨᠠ᠃ ᠪᠦᠷᠢᠳᢈᠡᠯ ᠦ᠋ᠨ ᢈᠦᠴᠦᠨ ᠲᠡᠢ ᠬᠤᠭᠤᠴᠠᠭᠠ ᠪᠦᠷᠢᠳᢈᠡᠯ ᢈᠢᢉᠳᠡᢉᠰᠡᠨ ᠡᠳᠦᠷ ᠡᠴᠡ ᠡᢈᠢᠯᠡᠨ ᠨᠢᢉᠡ ᠵᠢᠯ ᠦ᠋ᠨ ᠬᠤᠭᠤᠴᠠᠭᠠᠨ ᠳ᠋ᠤ ᢈᠦᠴᠦᠨᠲᠡᠢ ᠦᠶᠢᠯᠡᠴᠢᠯᠡᠨᠡ᠃ ᠤᠯᠠᠭᠠᠨᠪᠠᠭᠠᠲᠤᠷ ᠬᠣᠲᠠ ᠶ᠋ᠢᠨ ᠨᠡᠶᠢᠲᠡ ᠶ᠋ᠢᠨ ᠲᠥᠪ ᠨᠣᠮ ᠤ᠋ᠨ ᠰᠠᠩ ᠨᠢ ᠖᠐᠂᠐᠐᠐ ᠪᠠᠶᠢᠩᠭᠤ ᠶ᠋ᠢᠨ ᠤᠩᠰᠢᠭᠴᠢ ᢈᠡᠷᠡᢉᠯᠡᢉᠴᠢ᠂ ᠒᠑᠐᠂᠐᠐᠐ ᠢᠷᠡᢉᠰᠡᠳ ᠲᠦ᠂ ᠕᠘᠕᠐᠐᠐ ᠪᠣᠲᠢ ᠨᠣᠮ᠂ ᠲᠣᠭᠲᠠᠮᠠᠯ ᢈᠡᠪᠯᠡᠯ ᠪᠤᠰᠤᠳ ᠮᠠᠲ᠋ᠧᠷᠢᠠᠯ ᠣᠯᠭᠤᠵᠤ ᠦᠢᠯᠡᠴᠢᠯᠡᠳᠡᢉ᠃ ᠨᠡᠶᠢᠲᠡ ᠹᠣᠨ᠋ᠳ᠋ ᠨᠢ ᠔᠕᠐᠂᠐᠐᠐ ᠣᠷᠴᠢᠮ ᠮᠣᠩᠭᠣᠯ᠂ ᠣᠷᠤᠰ᠂ ᠠᠩᠯᠢ ᢈᠡᠯᠡ ᠳᠡᢉᠡᠷᠡᢈᠢ ᠨᠣᠮ ᠪᠣᠯᠤᠨ ᠰᠤᠳᠤᠷ᠂ ᠪᠷᠠᠶᠢᠯᠢ᠂ ᠲᠣᠮᠤ ᠦᠰᠦᢉ ᠲᠡᠢ ᠨᠣᠮ᠂ ᠭᠠᠵᠠᠷ ᠤ᠋ᠨ ᠵᠢᠷᠤᠭ᠂ ᠑᠐᠐᠐ ᠣᠷᠴᠢᠮ ᠠᠦ᠋ᠳᠢᠣ᠋ ᠸᠢᠳᠧᠣ᠋ ᠰᠳᠤ ᠮᠠᠲ᠋ᠧᠷᠢᠠᠯ ᠪᠣᠯᠤᠨ ᠡᠯᠧᠻᠲ᠋ᠷᠣᠨ᠋ ᠮᠡᠳᠡᢉᠡᠯᠡᠯ ᠦ᠋ᠨ ᠨᠥᢉᠡᠴᠡ ᠨᠦ᠋ᢉᠦᠳ ᠲᠡᠢ᠂᠗᠐ ᠭᠠᠷᠤᠢ ᠨᠡᠷᠡ ᠲᠥᠷᠦᠯ ᠦ᠋ᠨ ᠮᠣᠩᠭᠣᠯ᠂ ᠭᠠᠳᠠᠭᠠᠳᠤ ᢈᠡᠯᠡ ᠳᠡᢉᠡᠷᠡᢈᠢ ᠲᠣᠭᠲᠠᠮᠠᠯ ᢈᠡᠪᠯᠡᠯ ᠦ᠋ᠳ ᠲᠡᠢ ᠪᠥᢉᠡᠳ ᠬᠠᠷᠠᠭᠠᠨ ᠤ᠋ ᠪᠡᠷᢈᠡᠰᠢᠶᠡᠯ ᠲᠡᠢ ᠢᠷᢉᠡᠳ ᠲᠦ ᠵᠣᠷᠢᠭᠤᠯᠤᠭᠰᠠᠨ ᠲᠤᠰᠬᠠᠢ ᠲᠠᠩᢈᠢᠮ᠂ ᢈᠡᠦᢈᠡᠳ ᠦ᠋ᠨ ᠤᠩᠰᠢᠯᠭᠠ ᠶ᠋ᠢᠨ ᠲᠠᠩᢈᠢᠮ ᠲᠠᠢ᠃ ᠲᠡᢉᠦᠨᠴᠢᠯᠡᠨ ᠬᠠᠷᠠᠭᠠᠨ ᠤ᠋ ᠪᠡᠷᢈᠡᠰᠢᠶᠡᠯ ᠲᠡᠢ ᠢᠷᢉᠡᠳ ᠒᠐᠐ ᠭᠠᠷᠤᠢ ᠣᠷᠤᠨ ᠤ᠋ ᠑᠕᠐ ᢈᠡᠯᠡ ᠳᠡᢉᠡᠷᠡᢈᠢ ᠨᠣᠮ ᠢ᠋ ᠣᠨ᠋ᠯᠠᠶᠢᠨ ᠢ᠋ᠶᠠᠷ ᠤᠩᠰᠢᠬᠤ ᠪᠣᠯᠤᠮᠵᠢ ᠲᠠᠢ ᠪᠣᠯᠤᠭᠰᠠᠨ ᠢ᠋ᠶᠠᠷ ᠢ᠋ᠶᠠᠨ ᠣᠨᠴᠠᠯᠢᠭ ᠶᠤᠮ᠃ ᠡᠨᠡ ᢈᠦ ᠴᠠᢈᠢᠮ ᠦᠢᠯᠡᠴᠢᠯᠡᢉᠡ ᠶ᠋ᠢ ᠨᠡᠪᠲᠡᠷᠡᢉᠦᠯᠦᢉᠰᠡᠨ ᠢ᠋ᠶᠡᠷ ᠢᠷᢉᠡᠳ ᠨᠣᠮ ᠤ᠋ᠨ ᠰᠠᠩ ᠤ᠋ᠨ ᠦᠢᠯᠡᠴᠢᠯᠡᢉᠡ ᠶ᠋ᠢ ᢈᠢᠯᠪᠠᠷ ᠪᠥᢉᠡᠳ ᠬᠤᠷᠳᠤᠨ ᠠᠪᠬᠤ ᠪᠣᠯᠤᠮᠵᠢ ᠲᠠᠢ ᠪᠣᠯᠵᠤ ᠪᠠᠶᠢᠨᠠ᠃
E-Mongolia ᠰᠢᠰᠲ᠋ᠧᠮ ᠢ᠋ᠶᠡᠷ ᠤᠯᠠᠭᠠᠨᠪᠠᠭᠠᠲᠤᠷ ᠬᠣᠲᠠ ᠶ᠋ᠢᠨ ᠨᠡᠶᠢᠲᠡ ᠶ᠋ᠢᠨ ᠲᠥᠪ ᠨᠣᠮ ᠤ᠋ᠨ ᠰᠠᠩ ᠳ᠋ᠤ ᠤᠩᠰᠢᠭᠴᠢ ᠪᠠᠷ ᠪᠦᠷᠢᠳᢈᠡᢉᠦᠯᢈᠦ ᠪᠣᠯᠤᠮᠵᠢ ᠪᠦᠷᠢᠳᠦᠯ ᠢ᠋ᠶᠡᠨ

ᠨᠡᠶᠢᠲᠡᠯᠡᠭᠰᠡᠨ᠄