ᠲᠥᠷᠦ ᠶ᠋ᠢᠨ ᠦᠶᠢᠯᠡᠴᠢᠯᠡᢉᠡᠨ ᠦ᠋ ᠨᠢᢉᠡᠳᠦᢉᠰᠡᠨ E-Mongolia ᠰᠢᠰᠲ᠋ᠧᠮ ᠡᠴᠡ ᠡᠮᠨᠡᠯᢉᠡ ᠳ᠋ᠦ ᠥᢉᢉᠦᢉᠰᠡᠨ ᠰᠢᠨᠵᠢᠯᠡᢉᠡᠨ ᠦ᠋ ᠬᠠᠷᠢᠭᠤ ᠪᠠᠨ ᠴᠠᢈᠢᠮ ᠢ᠋ᠶᠠᠷ ᠠᠪᠬᠤ ᠪᠣᠯᠤᠮᠵᠢ ᠲᠠᠢ ᠪᠣᠯᠤᠭᠰᠠᠨ ᠨᠢ ᠢᠷᢉᠡᠳ ᠡᠮᠨᠡᠯᢉᠡ ᠳ᠋ᠦ ᠪᠡᠶᠡᠴᠢᠯᠡᠨ ᠣᠴᠢᠬᠤ ᠱᠠᠭᠠᠷᠳᠠᠯᠭᠠ ᠦᢉᠡᠢ ᠪᠣᠯᠵᠤ᠂ ᠭᠠᠷ ᠤᠲᠠᠰᠤ᠂ ᠻᠣᠮᠫᠢᠶᠦ᠋ᠲ᠋ᠧᠷ ᠡᠴᠡ ᠪᠡᠨ ᠴᠠᠭ ᠠᠯᠳᠠᠯ ᠦᢉᠡᠢ ᠬᠠᠷᠢᠭᠤ ᠪᠠᠨ ᠬᠠᠷᠠᠬᠤ᠂ ᠲᠠᠲᠠᠵᠤ ᠠᠪᠬᠤ᠂ ᠪᠤᠰᠤᠳ ᠲᠤ ᠢᠯᠡᢉᠡᢈᠦ ᠪᠣᠯᠤᠮᠵᠢ ᠪᠦᠷᠢᠳᠦᢉᠰᠡᠨ᠃ ᠣᠳᠤ ᠶ᠋ᠢᠨ ᠪᠠᠶᠢᠳᠠᠯ ᠢ᠋ᠶᠠᠷ ᠨᠡᠶᠢᠲᠡ ᠒᠂᠔᠖᠖᠂᠐᠕᠔ ᠢᠷᢉᠡᠨ ᠰᠢᠨᠵᠢᠯᠡᢉᠡᠨ ᠦ᠋ ᠬᠠᠷᠢᠭᠤ ᠪᠠᠨ ᠴᠠᢈᠢᠮ ᠢ᠋ᠶᠠᠷ ᠠᠪᠤᠭᠰᠠᠨ ᠲᠣᠭᠠᠨ ᠮᠡᠳᠡᢉᠡᠯᠡᠯ ᠭᠠᠷᠴᠡᠢ᠃ ᠰᠢᠨᠵᠢᠯᠡᢉᠡᠨ ᠦ᠋ ᠬᠠᠷᠢᠭᠤ ᠬᠠᠷᠠᠬᠤ ᠵᠢᠭᠠᠪᠤᠷᠢ:
– E-Mongolia ᠰᠢᠰᠲ᠋ᠧᠮ ᠳ᠋ᠦ ᠥᠪᠡᠷ ᠦ᠋ᠨ ᠪᠦᠷᠢᠳᢈᠡᠯ ᠲᠡᠢ ᠬᠠᠶᠢᠭ ᠢ᠋ᠶᠠᠷ ᠢ᠋ᠶᠠᠨ ᠨᠡᠪᠲᠡᠷᠡᢈᠦ;
– “ᠡᠷᠡᢉᠦᠯ ᠮᠡᠨᠳᠦ” ᠼᠧᠰᠧ ᠶ᠋ᠢ ᠰᠣᠩᠭᠤᠬᠤ;
– “ᠰᠢᠨᠵᠢᠯᠡᢉᠡᠨ ᠦ᠋ ᠬᠠᠷᠢᠭᠤ ᠠᠪᠬᠤ” ᠲᠣᠪᠴᠢ ᠶ᠋ᠢ ᠳᠠᠷᠤᠬᠤ;
ᠱᠠᠭᠠᠷᠳᠠᠯᠭᠠᠲᠠᠢ ᠮᠡᠳᠡᢉᠡᠯᠡᠯ ᠢ᠋ᠶᠡᠨ ᠰᠣᠩᠭᠤᠬᠤ:
– ᠪᠠᠭᠴᠠ ᠰᠢᠨᠵᠢᠯᠡᢉᠡ;
– ᠳᠦᠷᠰᠦ ᠣᠨᠤᠰᠢᠯᠠᠭᠠᠨ ᠤ᠋ ᠳ᠋ᠦᠩᠨᠡᠯᠲᠡ᠂ ᠵᠢᠷᠤᠭ;
– ᠴᠢᠰᠤᠨ ᠤ᠋ ᠪᠦᠯᠦᢉ ᠦ᠋ᠨ ᠮᠡᠳᠡᢉᠡᠯᠡᠯ;
– ᠴᠡᠴᠡᠷᠯᠢᢉ ᠦ᠋ᠨ ᠰᠢᠨᠵᠢᠯᠡᢉᠡ;
– ᠪᠤᠰᠤᠳ ᠰᠢᠨᠵᠢᠯᠡᢉᠡᠨ ᠦ᠋ ᠬᠠᠷᠢᠭᠤ;
ᢈᠡᠷᠪᠡ ᢈᠡᠦᢈᠡᠳ ᠦ᠋ᠨ ᠰᠢᠨᠵᠢᠯᠡᢉᠡᠨ ᠦ᠋ ᠬᠠᠷᠢᠭᠤ ᠶ᠋ᠢ ᠬᠠᠷᠠᠬᠤ ᠪᠣᠯ:
– ᢈᠡᠦᢈᠡᠳ ᠦ᠋ᠨ ᠨᠡᠷᠡ ᠶ᠋ᠢ ᠰᠣᠩᠭᠤᠬᠤ;
– ᠰᠢᠨᠵᠢᠯᠡᢉᠡ ᠥᢉᢉᠦᢉᠰᠡᠨ ᠡᠮᠨᠡᠯᢉᠡ ᠪᠡᠨ ᠰᠣᠩᠭᠤᠬᠤ;
– ᠬᠠᠷᠢᠭᠤ ᠪᠠᠨ ᠬᠠᠷᠠᠬᠤ᠂ ᠲᠠᠲᠠᠵᠤ ᠠᠪᠬᠤ᠂ ᠢ-ᠮᠧᠶᠢᠯ ᠢ᠋ᠶᠡᠷ ᢈᠦᠯᠢᠶᠡᠨ ᠠᠪᠬᠤ;
ᠠᠩᠬᠠᠷᠬᠤ ᠵᠦᠶᠢᠯᠡᠰ:
ᠣᠳᠤ ᠪᠠᠷ ᠨᠡᠶᠢᠰᠯᠡᠯ ᠦ᠋ᠨ ᠪᠣᠯᠤᠨ ᠣᠷᠤᠨ ᠨᠤᠲᠤᠭ ᠤ᠋ᠨ ᠡᠷᠡᢉᠦᠯ ᠮᠡᠨᠳᠦ ᠶ᠋ᠢᠨ ᠲᠥᠪ ᠦ᠋ᠳ E-Mongolia ᠰᠢᠰᠲ᠋ᠧᠮ ᠳ᠋ᠦ ᠬᠣᠯᠪᠤᠭᠳᠠᠭᠰᠠᠨ ᠬᠤᠪᠢ ᠶ᠋ᠢᠨ ᢈᠡᠪᠰᠢᠯ ᠦ᠋ᠨ ᠨᠡᠶᠢᠲᠡ ᠗᠓ ᠡᠮᠨᠡᠯᢉᠡ ᠳ᠋ᠦ ᠥᢉᢉᠦᢉᠰᠡᠨ ᠰᠢᠨᠵᠢᠯᠡᢉᠡ ᠪᠡᠨ ᠢᠷᢉᠡᠳ ᠴᠠᢈᠢᠮ ᠢ᠋ᠶᠠᠷ ᠬᠠᠷᠠᠬᠤ ᠪᠣᠯᠤᠮᠵᠢ ᠲᠠᠢ ᠪᠥᢉᠡᠳ ᠴᠠᠭᠠᠰᠢᠳᠠ ᠬᠠᠮᠤᠷᠬᠤ ᢈᠦᠷᠢᠶᠡ ᠶ᠋ᠢ ᠲᠡᠯᠡᠵᠦ ᠪᠤᠰᠤᠳ ᠡᠮᠨᠡᠯᢉᠡ᠂ᠡᠷᠡᢉᠦᠯ ᠮᠡᠨᠳᠦ ᠶ᠋ᠢᠨ ᠪᠠᠶᠢᠭᠤᠯᠤᠯᠭᠠ ᠨᠤᠭᠤᠳ ᠢ᠋ ᠴᠤ ᠲᠥᠷᠦ ᠶ᠋ᠢᠨ ᠦᠢᠯᠡᠴᠢᠯᠡᢉᠡᠨ ᠦ᠋ ᠨᠢᢉᠡᠳᠦᢉᠰᠡᠨ ᠰᠢᠰᠲ᠋ᠧᠮ ᠳ᠋ᠦ ᠨᠢᢉᠡᠳᢈᠡᢈᠦ ᠪᠡᠷ ᠲᠥᠯᠦᠪᠯᠡᠨ᠂ ᠱᠠᠲᠤ ᠳᠠᠷᠠᠭᠠᠲᠠᠢ ᠪᠠᠷ ᠠᠵᠢᠯᠯᠠᠵᠤ ᠪᠠᠶᠢᠨᠠ᠃ ᠨᠡᠮᠡᠯᠲᠡ ᠮᠡᠳᠡᢉᠡᠯᠡᠯ ᠠᠪᠬᠤ ᠶ᠋ᠢ ᢈᠦᠰᠡᠪᠡᠯ E-Mongolia-ᠡᠶᠢᠨ ᠠᠯᠪᠠᠨ ᠶᠣᠰᠤᠨ ᠤ᠋ Facebook ᠬᠠᠭᠤᠳᠠᠰᠤ ᠪᠠᠷ ᠵᠣᠴᠢᠯᠠᠬᠤ ᠡᠰᠡᠪᠡᠯ ᠑᠑᠑᠑-᠒ ᠯᠠᠪᠯᠠᠬᠤ ᠤᠲᠠᠰᠤᠨ ᠳ᠋ᠤ ᠠᠵᠢᠯ ᠤ᠋ᠨ ᠡᠳᠦᠷ ᠦ᠋ᠳ ᠲᠦ ᠐᠘:᠓᠐–᠑᠗:᠓᠐ ᠴᠠᠭ ᠤ᠋ᠨ ᠬᠣᠭᠤᠷᠤᠨᠳᠤ ᠬᠣᠯᠪᠤᠭᠳᠠᠨ ᠦᠨᠡ ᠲᠥᠯᠦᠪᠦᠷᠢ ᠦᢉᠡᠢ ᠵᠥᠪᠯᠡᢉᠡ ᠠᠪᠬᠤ ᠪᠣᠯᠤᠮᠵᠢ ᠲᠠᠢ᠃
E-Mongolia ᠰᠢᠰᠲ᠋ᠧᠮ ᠡᠴᠡ ᠰᠢᠨᠵᠢᠯᠡᢉᠡᠨ ᠦ᠋ ᠬᠠᠷᠢᠭᠤ ᠪᠠᠨ ᢈᠡᠷᢈᠢᠨ ᠬᠠᠷᠠᠬᠤ ᠪᠤᠢ?

ᠨᠡᠶᠢᠲᠡᠯᠡᠭᠰᠡᠨ᠄