“ᠡᠷᠳᠡᠨᠢᠰ ᠲᠠᠪᠤᠨᠲᠤᠯᠤᠭᠠᠢ” ᠬᠥ ᠨᠢ ᠒᠐᠒᠒ ᠣᠨ ᠤ᠋ ᠴᠡᠪᠡᠷ ᠠᠰᠢᠭ ᠠ᠋ᠴᠠ ᠪᠠᠨ ᠑᠐᠗᠒ ᠬᠤᠪᠢᠴᠠᠭᠠ ᠡᠵᠡᠮᠰᠢᠵᠦ ᠪᠤᠢ ᠢᠷᢉᠡᠨ ᠪᠦᠷᠢ ᠳ᠋ᠦ ᠑᠐᠔᠂᠐ ᠮᠢᠩᠭᠠᠨ ᠲᠥᢉᠦᠷᠢᢉ᠂ ᠒᠐᠒᠓ ᠣᠨ ᠤ᠋ ᠴᠡᠪᠡᠷ ᠠᠰᠢᠭ ᠠ᠋ᠴᠠ ᠒᠕᠖᠂᠐ ᠮᠢᠩᠭᠠᠨ ᠲᠥᢉᠦᠷᠢᢉ ᠦ᠋ᠨ ᠨᠣᠭᠳᠠᠯ ᠠᠰᠢᠭ ᠲᠤᠰ ᠲᠤᠰ ᠣᠯᠭᠠᠭᠰᠠᠨ᠃ ᠲᠡᢉᠡᠪᠡᠯ ᠒᠐᠒᠔ ᠣᠨ ᠤ᠋ ᠴᠡᠪᠡᠷ ᠠᠰᠢᠭ ᠠ᠋ᠴᠠ ᠑᠐᠗᠒ ᠬᠤᠪᠢᠴᠠᠭᠠ ᠲᠠᠢ ᠢᠷᢉᠡᠨ ᠳ᠋ᠦ ᠓᠕᠐ ᠮᠢᠩᠭᠠᠨ ᠲᠥᢉᠦᠷᠢᢉ ᠦ᠋ᠨ ᠨᠣᠭᠳᠠᠯ ᠠᠰᠢᠭ ᠢ᠋ ᠭᠤᠷᠪᠠ ᠬᠤᠪᠢᠶᠠᠨ ᠣᠯᠭᠠᠬᠤ ᠰᠢᠢᠳᠪᠦᠷᠢ ᠭᠠᠷᠤᠭᠰᠠᠨ ᠪᠥᢉᠡᠳ ᠰᠡᢉᠦᠯ ᠦ᠋ᠨ ᠣᠯᠭᠤᠯᠲᠠ ᠶ᠋ᠢ ᢈᠡᠷᢈᠢᠨ ᢈᠦᠯᠢᠶᠡᠨ ᠠᠪᠬᠤ ᠰᠠᠨᠠᠯ ᠠᠰᠠᠭᠤᠯᠭᠠ ᠡᢈᠢᠯᠡᢉᠰᠡᠨ ᠪᠠᠶᠢᠨᠠ᠃ ᠣᠳᠤ ᠶ᠋ᠢᠨ ᠪᠠᠶᠢᠳᠠᠯ ᠢ᠋ᠶᠠᠷ ᠑᠔᠑᠂᠙᠗᠙ ᢈᠦᠮᠦᠨ ᠰᠣᠩᠭᠤᠯᠲᠠ ᠪᠠᠨ ᢈᠢᢉᠰᠡᠨ ᠡᠴᠡ ᠙᠕᠂᠘% ᠬᠤᠪᠢ ᠨᠢ “ᠪᠡᠯᠡᠨ ᠮᠥᠩᢉᠦ” ᢈᠡᠯᠪᠡᠷᠢ ᠪᠡᠷ ᠠᠪᠬᠤ ᠶ᠋ᠢ ᠰᠣᠩᠭᠤᠭᠰᠠᠨ ᠪᠠᠶᠢᠨᠠ᠃ ᠰᠠᠨᠠᠯ ᠢ᠋ ᠒᠐᠒᠕ ᠣᠨ ᠤ᠋ ᠐᠔ ᠳ᠋ᠦ᠋ᢉᠡᠷ ᠰᠠᠷᠠ ᠶ᠋ᠢᠨ ᠐᠔-ᠨᠥᢉᠡᠰᠦ ᠐᠙-ᠨᠢᢉᠡᠨ ᠡᠳᠦᠷ ᠦ᠋ᠳ ᠲᠦ ᢈᠦᠯᠢᠶᠡᠨ ᠠᠪᠬᠤ ᠪᠠ ᠲᠤᠰ ᠬᠤᠭᠤᠴᠠᠭᠠᠨ ᠳ᠋ᠤ ᠥᢉᢉᠦᢉᠰᠡᠨ ᠰᠠᠨᠠᠯ ᠢ᠋ᠶᠠᠨ ᠵᠠᠰᠠᠪᠤᠷᠢᠯᠠᠨ᠂ ᠥᢉᠡᠷᠡᠴᠢᠯᠡᢈᠦ ᠪᠣᠯᠤᠮᠵᠢ ᠲᠠᠢ᠃ ᠰᠠᠨᠠᠯ ᠬᠤᠷᠢᠶᠠᠯᠲᠠ ᠠᠪᠴᠤ ᠳᠠᠭᠤᠰᠤᠭᠰᠠᠨ ᠤ᠋ ᠳᠠᠷᠠᠭᠠ ᠪᠤᠶᠤ ᠐᠔ ᠳ᠋ᠦ᠋ᢉᠡᠷ ᠰᠠᠷᠠ ᠶ᠋ᠢᠨ ᠑᠐-ᠨᠠᠭᠠᠰᠤ ᠑᠖- ᠤ᠋ ᠡᠳᠦᠷ ᠦ᠋ᠳ ᠲᠦ ᠢᠷᢉᠡᠳ ᠦ᠋ᠨ ᠥᢉᢉᠦᢉᠰᠡᠨ ᠰᠠᠨᠠᠯ ᠳ᠋ᠤ ᠦᠨᠳᠦᠰᠦᠯᠡᠨ ᠪᠠᠲᠤᠯᠠᠭᠠᠵᠢᠭᠤᠯᠤᠯᠲᠠ ᢈᠢᢈᠦ ᠶᠤᠮ᠃ ᠲᠤᠰᠠ ᠰᠠᠨᠠᠯ ᠠᠰᠠᠭᠤᠯᠭᠠ ᠨᠢ “ᠡᠷᠳᠡᠨᠢᠰ ᠲᠠᠪᠤᠨᠲᠤᠯᠤᠭᠠᠢ” ᠬᠻ-ᠡᠶᠢᠨ ᠢᠷᢉᠡᠨ ᠦ᠋ ᠡᠵᠡᠮᠰᠢᠯ ᠦ᠋ᠨ ᠬᠤᠪᠢᠴᠠᠭᠠᠨ ᠤ᠋ ᠒᠐᠒᠔ ᠣᠨ ᠤ᠋ ᠨᠢᢉᠡᠴᠡ ᠬᠤᠪᠢᠴᠠᠭᠠᠨ ᠤ᠋ ᠦᠯᠡᠳᠡᢉᠳᠡᠯ ᠨᠣᠭᠳᠠᠯ ᠠᠰᠢᠭ ₮᠘᠗᠂᠒᠒ /ᠲᠠᠲᠠᠪᠤᠷᠢ ᠰᠠᠭᠤᠳᠬᠠᠭᠰᠠᠨ ᠳ᠋ᠦᠩ/-ᠡᠢᢉᠡ ᢈᠡᠷᢈᠢᠨ ᢈᠦᠯᠢᠶᠡᠨ ᠠᠪᠬᠤ ᠲᠤᠬᠠᠢ ᠶᠤᠮ᠃ ᠵᠢᠱᠢᠶᠡ ᠨᠢ: ᠲᠠ ᠑᠂᠐᠗᠒ ᠰᠢᠷᢈᠡᢉ ᠬᠤᠪᠢᠴᠠᠭᠠ ᠡᠵᠡᠮᠰᠢᠳᠡᢉ ᠪᠣᠯ ᠲᠠᠨ ᠳ᠋ᠤ ᠣᠯᠭᠠᠬᠤ ᠨᠣᠭᠳᠠᠯ ᠠᠰᠢᠭ ᠤ᠋ᠨ ᠦᠯᠡᠳᠡᢉᠳᠡᠯ ₮᠙᠓᠂᠔᠙᠙᠂᠘ ᠪᠠᠶᠢᠨᠠ᠃ ᠢᠷᢉᠡᠨ ᠲᠠ ᠢ-ᠮᠣᠩᠭᠣᠯᠢᠶᠠ ᠫᠣᠷᠲ᠋ᠠᠯ ᠳ᠋ᠤ ᠬᠠᠨᠳᠤᠵᠤ ᠥᠪᠡᠷ ᠦ᠋ᠨ ᠫᠷᠣᠹᠠᠶᠢᠯ ᢈᠡᠰᠡᢉ ᠤᠷᠤᠭᠤ ᠣᠷᠤᠵᠤ᠂ ᠦᠨᠡᠲᠦ ᠴᠠᠭᠠᠰᠤ ᠨᠤᠭᠤᠳ ᠼᠧᠰᠧ ᠶ᠋ᠢ ᠰᠣᠩᠭᠤᠬᠤ ᠳ᠋ᠤ ᠲᠠᠨ ᠤ᠋ ᠡᠵᠡᠮᠰᠢᠵᠦ ᠪᠠᠶᠢᠭᠠ ᠪᠦᢈᠦ ᠬᠤᠪᠢᠴᠠᠭᠠᠨ ᠤ᠋ ᠲᠣᠭᠠ ᠰᠢᠷᢈᠡᢉ᠂ ᠶᠠᠮᠪᠠᠷ ᠦᠨᠡᠲᠦ ᠴᠠᠭᠠᠰᠤᠨ ᠤ᠋ ᠻᠣᠮᠫᠠᠨᠢ ᠳ᠋ᠤ ᠳᠠᠩᠰᠠ ᠨᠡᢉᠡᢉᠡᠯᢉᠡᢉᠰᠡᠨ ᠮᠡᠳᠡᢉᠡᠯᠡᠯ᠂ ᠨᠣᠭᠳᠠᠯ ᠠᠰᠢᠭ ᠢ᠋ ᢈᠡᠳᠦᠨ ᠣᠨ ᠳ᠋ᠤ ᠠᠯᠢ ᠠᠷᠠᠯᠵᠢᠶᠠᠨ ᠤ᠋ ᠪᠠᠩᠻᠢ ᠶ᠋ᠢᠨ ᠳᠠᠩᠰᠠᠨ ᠳ᠋ᠤ ᠪᠠᠨ ᠠᠪᠤᠭᠰᠠᠨ ᠲᠠᠯᠠᠭᠠᠷ ᠨᠢᢉᠡᠳᠦᢉᠰᠡᠨ ᠮᠡᠳᠡᢉᠡᠯᠡᠯ ᠦ᠋ᠳ ᠭᠠᠷᠬᠤ ᠶᠠᠭᠤᠮᠠ᠃ “ᠡᠷᠳᠡᠨᠢᠰ ᠲᠠᠪᠤᠨᠲᠤᠯᠤᠭᠠᠢ” ᠬᠻ-ᠡᠶᠢᠨ ᠬᠤᠪᠢᠴᠠᠭᠠᠨ ᠤ᠋ ᠨᠣᠭᠳᠠᠯ ᠠᠰᠢᠭ ᠤ᠋ᠨ ᠦᠯᠡᠳᠡᢉᠳᠡᠯ ᠢ᠋ ᢈᠡᠷᢈᠢᠨ ᢈᠦᠯᠢᠶᠡᠨ ᠠᠪᠬᠤ ᠰᠠᠨᠠᠯ ᠠᠰᠠᠭᠤᠯᠭᠠ ᠪᠠᠨ ᢈᠡᠷᢈᠢᠨ ᠥᢉᢈᠦ ᠪᠤᠢ?“ᠴᠢᠩᢉᠢᠰ ᠬᠠᠭᠠᠨ ᠦᠨᠳᠦᠰᠦᠨ ᠦ᠋ ᠪᠠᠶᠠᠯᠢᠭ ᠤ᠋ᠨ ᠰᠠᠩ”-ᠡᠶᠢᠨ “ᠬᠤᠷᠠᠮᠲᠤᠯᠠᠯ ᠤ᠋ᠨ ᠰᠠᠩ” ᠳᠠᢈᠢ ᠢᠷᢉᠡᠨ ᠦ᠋ ᠨᠡᠷᠡ ᠶ᠋ᠢᠨ ᠳᠠᠩᠰᠠᠨ ᠳ᠋ᠤ “ᠡᠷᠳᠡᠨᠢᠰ ᠲᠠᠪᠤᠨᠲᠤᠯᠤᠭᠠᠢ” ᠬᠻ-ᠡᠶᠢᠨ ᠨᠣᠭᠳᠠᠯ ᠠᠰᠢᠭ ᠤ᠋ᠨ ᠣᠷᠤᠯᠭᠠ ᠪᠠᠨ ᠲᠥᠪᠯᠡᠷᠡᢉᠦᠯᢈᠦ ᠪᠡᠷ ᠰᠣᠩᠭᠤᠭᠰᠠᠨ ᠲᠣᢈᠢᠶᠠᠯᠳᠤᠯ ᠳ᠋ᠤ ᠢᠷᢉᠡᠨ ᠲᠠ ᠴᠠᠭᠠᠰᠢᠳᠠ ᠣᠷᠤᠨ ᠰᠠᠭᠤᠴᠠ ᠬᠤᠳᠠᠯᠳᠤᠨ ᠠᠪᠬᠤ᠂ ᠡᠷᠡᢉᠦᠯ ᠮᠡᠨᠳᠦ᠂ ᠪᠣᠯᠪᠠᠰᠤᠷᠠᠯ ᠤ᠋ᠨ ᠴᠢᢉᠯᠡᠯ ᠢ᠋ᠶᠡᠷ ᠦᠢᠯᠡᠴᠢᠯᠡᢉᠡ ᠶ᠋ᠢ ᠠᠪᠬᠤ ᠪᠣᠯᠤᠮᠵᠢ ᠪᠦᠷᠢᠳᠦᠨᠡ᠃ ᢈᠡᠷᠪᠡ ᠲᠠ ᠬᠠᠨᠳᠢᠪ ᠼᠧᠰᠧ ᠶ᠋ᠢ ᠰᠣᠩᠭᠤᠭᠰᠠᠨ ᠪᠣᠯ ᠲᠠᠨ ᠤ᠋ “ᠡᠷᠳᠡᠨᠢᠰ ᠲᠠᠪᠤᠨᠲᠤᠯᠤᠭᠠᠢ” ᠬᠻ-ᠡᠶᠢᠨ ᠨᠣᠭᠳᠠᠯ ᠠᠰᠢᠭ “ᠴᠢᠩᢉᠢᠰ ᠬᠠᠭᠠᠨ ᠦᠨᠳᠦᠰᠦᠨ ᠦ᠋ ᠪᠠᠶᠠᠯᠢᠭ ᠤ᠋ᠨ ᠰᠠᠩ”-ᠡᠶᠢᠨ “ᢈᠥᢉᠵᠢᠯ ᠦ᠋ᠨ ᠰᠠᠩ”- ᠳ᠋ᠤ ᠬᠤᠷᠠᠮᠲᠤᠯᠠᠭᠳᠠᠬᠤ ᠪᠥᢉᠡᠳ ᠨᠡᠶᠢᠰᠯᠡᠯ ᠦ᠋ᠨ ᠳᠡᠳ᠋ ᠪᠦᠲᠦᠴᠡ ᠶ᠋ᠢᠨ ᠰᠠᠩᢈᠦᠵᠢᠯᠲᠡ ᠶ᠋ᠢᠨ ᠡᢈᠢ ᠡᢉᠦᠰᠪᠦᠷᠢ ᠪᠣᠯᠤᠨᠠ᠃ ᠦᠷᠡ ᠳ᠋ᠦᠩ ᠢ᠋ ᠢᠷᢉᠡᠨ ᠲᠠᠨ ᠳ᠋ᠤ ᠢᠯᠡ ᠲᠣᠳᠤ ᠲᠠᠶᠢᠯᠤᠩᠨᠠᠨᠠ᠃ “ᠪᠡᠯᠡᠨ ᠮᠥᠩᢉᠦ” ᠼᠧᠰᠧ ᠶ᠋ᠢ ᠰᠣᠩᠭᠤᠪᠠᠯ ᠢᠷᢉᠡᠨ ᠲᠠᠨ ᠤ᠋ ᠪᠦᠷᠢᠳᢈᠡᠯ ᠲᠡᠢ ᠬᠠᠷᠢᠯᠴᠠᠬᠤ ᠳᠠᠩᠰᠠᠨ ᠳ᠋ᠤ ᠰᠢᠯᠵᠢᠨ ᠣᠷᠤᠬᠤ ᠪᠣᠯᠤᠨᠠ᠃ ᠡᠨᠡ ᢈᠦ ᠰᠠᠨᠠᠯ ᠠᠰᠠᠭᠤᠯᠭᠠ ᠨᠢ ᠴᠠᠭᠠᠰᠢᠳᠠ ᠦᠨᠳᠦᠰᠦᠨ ᠦ᠋ ᠪᠠᠶᠠᠯᠢᠭ ᠤ᠋ᠨ ᠰᠠᠩ ᠤ᠋ᠨ ᠪᠣᠳᠤᠯᠭᠠ ᠶ᠋ᠢ ᠢᠷᢉᠡᠳ ᠦ᠋ᠨ ᢈᠦᠰᠡᠯ ᠰᠣᠨᠢᠷᠬᠠᠯ ᠳ᠋ᠤ ᠨᠡᠶᠢᠴᠡᢉᠦᠯᠵᠦ᠂ ᠡᠷᠦᠳᠡᠰᠦ ᠪᠠᠶᠠᠯᠢᠭ ᠠ᠋ᠴᠠ ᠢᠷᢉᠡᠳ ᠲᠦ ᠣᠯᠭᠤᠵᠤ ᠪᠤᠢ ᠨᠣᠭᠳᠠᠯ ᠠᠰᠢᠭ ᠤ᠋ᠨ ᠨᠡᠶᠢᢉᠡᠮ᠂ ᠡᠳ᠋ ᠦ᠋ᠨ ᠵᠠᠰᠠᠭ ᠤ᠋ᠨ ᠦᠷᠡ ᠥᢉᢉᠦᢉᠡᠵᠢ ᠶ᠋ᠢᠨ ᠠᠴᠢ ᠬᠣᠯᠪᠤᠭᠳᠠᠯ ᠲᠠᠢ ᠲᠤᠯᠠ ᠲᠠ ᠰᠠᠨᠠᠯ ᠠᠰᠠᠭᠤᠯᠭᠠ ᠳ᠋ᠤ ᠪᠠᠨ ᠢᠳᠡᠪᢈᠢ ᠲᠡᠢ ᠣᠷᠤᠯᠴᠠᠭᠠᠷᠠᠢ᠃ ᠰᠠᠨᠠᠯ ᠥᢉᢉᠦᢉᠡ ᠦᢉᠡᠢ ᠲᠣᢈᠢᠶᠠᠯᠳᠤᠯ ᠳ᠋ᠤ ᠨᠣᠭᠳᠠᠯ ᠠᠰᠢᠭ ᠰᠢᠭᠤᠳ ᠲᠠᠨ ᠤ᠋ ᠳᠠᠩᠰᠠ ᠤᠷᠤᠭᠤ ᠰᠢᠯᠵᠢᠨᠡ᠃ ᠮᠥᠨ “ᠦᠨᠡᠲᠦ ᠴᠠᠭᠠᠰᠤᠨ ᠤ᠋ ᠳᠠᠩᠰᠠ” ᠨᠡᢉᠡᠯᢉᠡᢉᠡ ᠦᢉᠡᠢ ᠢᠷᢉᠡᠳ ᠳᠠᠩᠰᠠ ᠪᠠᠨ ᠢ-ᠮᠣᠩᠭᠣᠯᠢᠶᠠ ᠰᠢᠰᠲ᠋ᠧᠮ ᠢ᠋ᠶᠡᠷ ᠨᠡᢉᠡᢉᠡᠯᢉᠡᢈᠦ ᠪᠣᠯᠤᠮᠵᠢ ᠲᠠᠢ ᠶᠤᠮ᠃
ᠢ-ᠮᠣᠩᠭᠣᠯᠢᠶᠠ ᠰᠢᠰᠲ᠋ᠧᠮ ᠢ᠋ᠶᠡᠷ ᠑᠐᠗᠒ ᠬᠤᠪᠢᠴᠠᠭᠠᠨ ᠤ᠋ ᠨᠣᠭᠳᠠᠯ ᠠᠰᠢᠭ ᠤ᠋ᠨ ᠦᠯᠡᠳᠡᢉᠳᠡᠯ ᠢ᠋ᠶᠡᠨ ᢈᠡᠷᢈᠢᠨ ᢈᠦᠯᠢᠶᠡᠨ ᠠᠪᠬᠤ ᠰᠣᠩᠭᠤᠯᠲᠠ ᠪᠠᠨ ᢈᠢᢉᠡᠷᠡᠢ᠃

ᠨᠡᠶᠢᠲᠡᠯᠡᠭᠰᠡᠨ᠄