“ᠡᠷᠳᠡᠨᠢᠰ ᠲᠠᠪᠤᠨᠲᠤᠯᠤᠭᠠᠢ” ᠬᠥ ᠨᠢ ᠒᠐᠒᠒ ᠣᠨ ᠤ᠋ ᠴᠡᠪᠡᠷ ᠠᠰᠢᠭ ᠠ᠋ᠴᠠ ᠪᠠᠨ ᠑᠐᠗᠒ ᠬᠤᠪᠢᠴᠠᠭᠠ ᠡᠵᠡᠮᠰᠢᠵᠦ ᠪᠤᠢ ᠢᠷᢉᠡᠨ ᠪᠦᠷᠢ ᠳ᠋ᠦ ᠑᠐᠔᠂᠐ ᠮᠢᠩᠭᠠᠨ ᠲᠥᢉᠦᠷᠢᢉ᠂ ᠒᠐᠒᠓ ᠣᠨ ᠤ᠋ ᠴᠡᠪᠡᠷ ᠠᠰᠢᠭ ᠠ᠋ᠴᠠ ᠒᠕᠖᠂᠐ ᠮᠢᠩᠭᠠᠨ ᠲᠥᢉᠦᠷᠢᢉ ᠦ᠋ᠨ ᠨᠣᠭᠳᠠᠯ ᠠᠰᠢᠭ ᠲᠤᠰ ᠲᠤᠰ ᠣᠯᠭᠠᠭᠰᠠᠨ᠃ ᠲᠡᢉᠡᠪᠡᠯ ᠒᠐᠒᠔ ᠣᠨ ᠤ᠋ ᠴᠡᠪᠡᠷ ᠠᠰᠢᠭ ᠠ᠋ᠴᠠ ᠑᠐᠗᠒ ᠬᠤᠪᠢᠴᠠᠭᠠ ᠲᠠᠢ ᠢᠷᢉᠡᠨ ᠳ᠋ᠦ ᠓᠕᠐ ᠮᠢᠩᠭᠠᠨ ᠲᠥᢉᠦᠷᠢᢉ ᠦ᠋ᠨ ᠨᠣᠭᠳᠠᠯ ᠠᠰᠢᠭ ᠢ᠋ ᠭᠤᠷᠪᠠ ᠬᠤᠪᠢᠶᠠᠨ ᠣᠯᠭᠠᠬᠤ ᠰᠢᠢᠳᠪᠦᠷᠢ ᠭᠠᠷᠤᠭᠰᠠᠨ ᠪᠥᢉᠡᠳ ᠰᠡᢉᠦᠯ ᠦ᠋ᠨ ᠣᠯᠭᠤᠯᠲᠠ ᠶ᠋ᠢ ᢈᠡᠷᢈᠢᠨ ᢈᠦᠯᠢᠶᠡᠨ ᠠᠪᠬᠤ ᠰᠠᠨᠠᠯ ᠠᠰᠠᠭᠤᠯᠭᠠ ᠦᠷᢉᠦᠯᠵᠢᠯᠡᠵᠦ ᠪᠠᠶᠢᠨᠠ᠃ ᠣᠳᠤ ᠶ᠋ᠢᠨ ᠪᠠᠶᠢᠳᠠᠯ ᠢ᠋ᠶᠠᠷ ᠒᠐᠐᠂᠑᠙᠓ ᠢᠷᢉᠡᠨ ᠰᠣᠩᠭᠤᠯᠲᠠ ᠪᠠᠨ ᢈᠢᢉᠰᠡᠨ ᠡᠴᠡ:
– ᠪᠡᠯᠡᠨ ᠮᠥᠩᢉᠦ /ᠬᠤᠪᠢ ᠶ᠋ᠢᠨ ᠬᠠᠷᠢᠯᠴᠠᠬᠤ ᠳᠠᠩᠰᠠᠨ ᠳ᠋ᠤ/ – ᠑᠙᠑᠂᠗᠓᠕
– ᠬᠤᠷᠠᠮᠲᠤᠯᠠᠯ ᠤ᠋ᠨ ᠰᠠᠩ /ᠪᠠᠶᠠᠯᠢᠭ ᠤ᠋ᠨ ᠰᠠᠩ ᠳ᠋ᠤ/ – ᠘᠑᠑᠙
– ᠬᠠᠩᠳᠢᠪ /ᠨᠡᠶᠢᠰᠯᠡᠯ ᠦ᠋ᠨ ᠳᠡᠳ ᠪᠦᠲᠦᠴᠡ᠂ ᠠᠭᠠᠷ ᠤ᠋ᠨ ᠪᠣᢈᠢᠷᠳᠠᠯ ᠢ᠋ ᠪᠠᠭᠤᠷᠠᠭᠤᠯᠬᠤ ᠴᠢᢉᠯᠡᠯ ᠢ᠋ᠶᠡᠷ ᢉᠡᢈᠦ ᠮᠡᠲᠦ/ – ᠓᠓᠙ ᠢᠷᢉᠡᠨ ᠰᠠᠨᠠᠯ ᠢ᠋ᠶᠠᠨ ᠥᢉᢉᠦᢉᠰᠡᠨ ᠪᠠᠶᠢᠨᠠ᠃ ᠰᠠᠨᠠᠯ ᠢ᠋ ᠒᠐᠒᠕ ᠣᠨ ᠤ᠋ ᠐᠔ ᠳ᠋ᠦ᠋ᢉᠡᠷ ᠰᠠᠷᠠ ᠶ᠋ᠢᠨ ᠐᠙- ᠦ᠋ ᠡᠳᠦᠷ ᠦ᠋ᠨ ᠒᠓ ᠴᠠᠭ ᠕᠙ ᠮᠢᠨᠦ᠋ᠲ ᠲᠤ ᢈᠦᠯᠢᠶᠡᠨ ᠠᠪᠴᠤ ᠳᠠᠭᠤᠰᠬᠤ ᠲᠤᠯᠠ ᠢᠷᢉᠡᠨ ᠲᠠ ᠰᠠᠨᠠᠯ ᠠᠰᠠᠭᠤᠯᠭᠠ ᠳ᠋ᠤ ᠪᠠᠨ ᠢᠳᠡᠪᢈᠢ ᠲᠡᠢ ᠣᠷᠤᠯᠴᠠᠨᠠ ᠤᠤ᠃ – ᠲᠠ e-mongolia᠃ mn ᠰᠠᠶᠢᠲ ᠢ᠋ᠶᠠᠷ ᠥᠪᠡᠷ ᠦ᠋ᠨ ᠪᠦᠷᠢᠳᢈᠡᠯ ᠲᠡᠢ ᠬᠠᠶᠢᠭ ᠢ᠋ᠶᠠᠷ ᠪᠠᠷᠠᠭᠤᠨ ᠳᠡᢉᠡᠳᠦ ᠪᠤᠯᠤᠩ ᠳ᠋ᠤ ᠪᠠᠶᠢᠷᠢᠯᠠᠬᠤ ᠫᠷᠤᠹᠠᠶᠢᠯ ᠤ᠋ᠨ ᠵᠢᠷᠤᠭ ᠳᠡᢉᠡᠷᠡ ᠳᠠᠷᠤᠭᠠᠳ “ᠮᠢᠨᠤ ᠮᠡᠳᠡᢉᠡᠯᠡᠯ” ᢈᠡᠰᠡᢉ ᠲᠦ ᠰᠠᠨᠠᠯ ᠠᠰᠠᠭᠤᠯᠭᠠ ᠴᠡᠰᠡ ᠪᠡᠷ ᠰᠠᠨᠠᠯ ᠢ᠋ᠶᠠᠨ ᠥᢉᢈᠦ ᠪᠣᠯᠤᠮᠵᠢ ᠲᠠᠢ᠃ – E-Mongolia ᠠᠫᠫᠯᠢᠻᠧᠶᠢᠱᠢᠨ ᠢ᠋ᠶᠡᠷ ᠰᠠᠨᠠᠯ ᠢ᠋ᠶᠠᠨ ᠥᢉᢈᠦ ᠪᠣᠯ ᠫᠷᠤᠹᠠᠶᠢᠯ – ᠰᠠᠨᠠᠯ ᠠᠰᠠᠭᠤᠯᠭᠠ ᠴᠡᠰ ᠢ᠋ᠶᠡᠷ ᠥᢉᢈᠦ ᠪᠣᠯᠤᠮᠵᠢ ᠲᠠᠢ᠃ ᢈᠡᠷᠪᠡ ᠰᠠᠨᠠᠯ ᠥᢉᢉᠦᢉᠡ ᠦᢉᠡᠢ ᠪᠣᠯ ᠢᠷᢉᠡᠨ ᠲᠠᠨ ᠤ᠋ ᠪᠦᠷᠢᠳᢈᠡᠯ ᠲᠡᠢ ᠳᠠᠩᠰᠠᠨ ᠳ᠋ᠤ ᠲᠠᠨᠢ ᠨᠣᠭᠳᠠᠯ ᠠᠰᠢᠭ ᠰᠢᠯᠵᠢᠨᠡ᠃ ᠮᠥᠨ “ᠦᠨᠡᠲᠦ ᠴᠠᠭᠠᠰᠤᠨ ᠤ᠋ ᠳᠠᠩᠰᠠ” ᠨᠡᢉᠡᠯᢉᠡᢉᠡ ᠦᢉᠡᠢ ᠢᠷᢉᠡᠳ ᠳᠠᠩᠰᠠ ᠪᠠᠨ ᠢ-ᠮᠣᠩᠭᠣᠯᠢᠶᠠ ᠰᠢᠰᠲ᠋ᠧᠮ ᠢ᠋ᠶᠡᠷ ᠨᠡᢉᠡᢉᠡᠯᢉᠡᢈᠦ ᠪᠣᠯᠤᠮᠵᠢ ᠲᠠᠢ ᠶᠤᠮ᠃
“ᠡᠷᠳᠡᠨᠢᠰ ᠲᠠᠪᠤᠨᠲᠤᠯᠤᠭᠠᠢ” ᠬᠻ-ᠡᠶᠢᠨ ᠬᠤᠪᠢᠴᠠᠭᠠᠨ ᠤ᠋ ᠨᠣᠭᠳᠠᠯ ᠠᠰᠢᠭ ᠤ᠋ᠨ ᠦᠯᠡᠳᠡᢉᠳᠡᠯ ᠢ᠋ ᢈᠡᠷᢈᠢᠨ ᢈᠦᠯᠢᠶᠡᠨ ᠠᠪᠬᠤ ᠰᠠᠨᠠᠯ ᠠᠰᠠᠭᠤᠯᠭᠠ ᠥᠨᠦᠳᠦᠷ ᠳᠠᠭᠤᠰᠤᠨᠠ

ᠨᠡᠶᠢᠲᠡᠯᠡᠭᠰᠡᠨ᠄