ᠢ-ᠮᠣᠩᠭᠣᠯᠢᠶ᠎ᠠ ᠰᠢᠰᠲ᠋ᠧᠮ ᠢ᠋ᠶᠡᠷ ᠑ ᠮᠢᠨᠦᠲ ᠲᠤ ᠵᠢᢉᠡᠯᠡ ᠶ᠋ᠢᠨ ᠮᠡᠳᠡᢉᠡᠯᠡᠯ ᠦ᠋ᠨ ᠯᠠᠪᠯᠠᠭ᠎ᠠ ᠪᠠᠨ ᠠᠪᠤᠭᠠᠷᠠᠢ


ᠵᠢᢉᠡᠯᠡ ᠶ᠋ᠢᠨ ᠮᠡᠳᠡᢉᠡᠯᠡᠯ ᠦ᠋ᠨ ᠯᠠᠪᠯᠠᠭ᠎ᠠ ᢉᠡᠳᠡᢉ ᠨᠢ ᠲᠤᠬᠠᠢ ᠶ᠋ᠢᠨ ᠢᠷᢉᠡᠨ ᠡᠰᠡᠪᠡᠯ ᠠᠵᠤ ᠠᠬᠤᠢ ᠶ᠋ᠢᠨ ᠨᠢᢉᠡᠴᠡ ᠶ᠋ᠢᠨ ᠵᠢᢉᠡᠯᠡ ᠶ᠋ᠢᠨ ᠲᠡᠦᢈᠡ᠂ ᠰᠠᠩᢈᠦᠦ ᠶ᠋ᠢᠨ ᠡᢉᠦᠷᢉᠡ ᠪᠡᠨ ᠪᠡᠶᠡᠯᠡᢉᠦᠯᠦᢉᠰᠡᠨ ᠪᠠᠶᠢᠳᠠᠯ ᠲᠠᠢ ᠬᠣᠯᠪᠤᠭ᠎ᠠ ᠲᠠᠢ ᠮᠡᠳᠡᢉᠡᠯᠡᠯ ᠢ᠋ ᠠᠭᠤᠯᠤᠭᠰᠠᠨ ᠪᠠᠷᠢᠮᠲᠠ ᠪᠢᠴᠢᢉ ᠶᠠᠭᠤᠮ᠎ᠠ ᠲᠣᠳᠤᠷᠠᠭᠤᠯᠪᠠᠯ: ᠪᠠᠩᠻᠢ ᠨᠤᠭᠤᠳ ᠪᠣᠯᠤᠨ ᠪᠪᠰᠪᠢ-ᠠᠭᠤᠳᠠ ᠢᠷᢉᠡᠳ ᠦ᠋ᠨ ᠵᠢᢉᠡᠯᠡ ᠶ᠋ᠢᠨ ᠴᠢᠳᠠᠪᠤᠷᠢ ᠶ᠋ᠢ ᠦᠨᠡᠯᠡᢈᠦ᠂ ᠵᠢᢉᠡᠯᠡ ᠣᠯᠭᠤᠬᠤ ᠰᠢᠢᠳᠪᠦᠷᠢ ᠭᠠᠷᠭᠠᠬᠤ ᠳ᠋ᠤ ᠴᠢᠬᠤᠯᠠ ᠦᠵᠡᢉᠦᠯᠦᠯᠲᠡ ᠪᠣᠯᠳᠠᠭ ᠪᠥᢉᠡᠳ ᠣᠷᠤᠨ ᠰᠠᠭᠤᠴᠠ᠂ ᠠᠦ᠋ᠲ᠋ᠣ᠋ ᠮᠠᠱᠢᠨ᠋ ᠬᠤᠳᠠᠯᠳᠤᠨ ᠠᠪᠬᠤ᠂ ᠭᠠᠳᠠᠭᠠᠳᠤ ᠳ᠋ᠤ ᠵᠣᠷᠴᠢᠬᠤ ᠵᠡᠷᢉᠡ ᠰᠠᠩᢈᠦᠦ ᠶ᠋ᠢᠨ ᠴᠢᠳᠠᠮᠵᠢ ᠲᠠᠢ ᠬᠣᠯᠪᠤᠭᠠᠲᠠᠢ ᠣᠯᠠᠨ ᠰᠠᠯᠪᠤᠷᠢ ᠳ᠋ᠤ ᠥᠷᢉᠡᠨ ᢈᠡᠷᠡᢉᠯᠡᢉᠳᠡᠳᠡᢉ ᠪᠠᠶᠢᠨ᠎ᠠ᠃  ᠡᢉᠦᠨ ᠳ᠋ᠦ ᠵᠢᢉᠡᠯᠡ ᠶ᠋ᠢᠨ ᠳᠠᠩᠰᠠᠨ ᠤ᠋ ᠲᠥᠷᠦᠯ᠂ ᠠᠩᢉᠢᠯᠠᠯ᠂ ᠦᠯᠡᠳᠡᢉᠳᠡᠯ᠂ ᠲᠥᠯᠦᠪᠦᠷᠢ ᠶ᠋ᠢᠨ ᠲᠡᠦᢈᠡ ᠪᠣᠯᠤᠭᠠᠳ ᠵᠢᢉᠡᠯᠡ ᠣᠯᠭᠤᠭᠴᠢ ᠪᠣᠯᠤᠭᠠᠳ ᠠᠪᠤᠭᠰᠠᠨ ᠡᠲᠡᢉᠡᠳ ᠦ᠋ᠨ ᠬᠤᠪᠢ ᠶ᠋ᠢᠨ ᠮᠡᠳᠡᢉᠡᠯᠡᠯ ᠦ᠋ᠨ ᠲᠣᠶᠢᠮᠤ ᠪᠠᠭᠲᠠᠳᠠᠭ᠃  ᠢᠷᢉᠡᠨ᠂ ᠠᠨ ᠥᠪᠡᠷ ᠦ᠋ᠨ ᠵᠢᢉᠡᠯᠡ ᠶ᠋ᠢᠨ ᠯᠠᠪᠯᠠᠭ᠎ᠠ ᠶ᠋ᠢ ᠳᠠᠷᠠᠭᠠᢈᠢ ᠰᠤᠪᠠᠭ ᠤ᠋ᠳ ᠢ᠋ᠶᠠᠷ ᠠᠪᠬᠤ ᠪᠣᠯᠤᠮᠵᠢ ᠲᠠᠢ᠃  ᠴᠠᢈᠢᠮ ᠢ᠋ᠶᠠᠷ ᠠᠪᠬᠤ:
– ᠢ-ᠮᠣᠩᠭᠣᠯᠢᠶ᠎ᠠ ᠰᠢᠰᠲ᠋ᠧᠮ ᠳ᠋ᠦ ᠬᠠᠨᠳᠤᠨ ᠪᠦᠷᠢᠨᠰᠻᠣᠷ᠂ ᠰᠠᠶᠢᠨᠰᠠᠻᠤᠷ ᠵᠢᠰᠦ ᠰᠣᠩᠭᠤᠨ ᠯᠠᠪᠯᠠᠭ᠎ᠠ ᠠᠪᠬᠤ;
– ᠢ-ᠮᠣᠩᠭᠤᠯᠢᠶ᠎ᠠ ᠰᠢᠰᠲ᠋ᠧᠮ ᠳ᠋ᠦ ᠥᠪᠡᠷ ᠦ᠋ᠨ ᠪᠦᠷᠢᠳᢈᠡᠯ ᠢ᠋ᠶᠡᠷ ᠢ᠋ᠶᠡᠨ ᠨᠡᠪᠲᠡᠷᠡᢈᠦ;
– ᠦᠶᠢᠯᠡᠴᠢᠯᠡᢉᠡ ᠬᠠᠶᠢᠬᠤ ᢈᠡᠰᠡᢉ ᠲᠦ “ᠵᠢᢉᠡᠯᠡ ᠶ᠋ᠢᠨ ᠮᠡᠳᠡᢉᠡᠯᠡᠯ ᠦ᠋ᠨ ᠯᠠᠪᠯᠠᠭ᠎ᠠ” ᢉᠡᠵᠦ ᠬᠠᠶᠢᠨ ᠦᠢᠯᠡᠴᠢᠯᠡᢉᠡ ᠶ᠋ᠢ ᠰᠢᠭᠤᠷᠬᠠᠢ ᠠᠪᠬᠤ ᠪᠣᠯᠤᠮᠵᠢ ᠲᠠᠢ᠃  – ᠦᠶᠢᠯᠡᠴᠢᠯᠡᢉᠡᠨ ᠦ᠋ ᠲᠥᠯᠦᠪᠦᠷᠢ ᠑᠐᠐᠐ ᠲᠥᢉᠦᠷᠢᢉ᠃  ᠪᠡᠶᠡᠴᠢᠯᠡᠨ ᠠᠪᠬᠤ:
– ᠻᠢᠣᠰᠻ /ᠬᠤᠷᠳᠤᠨ᠂ ᢉᠡᠷᢉᠡ/ ᠮᠠᠱᠢᠨ ᠨᠤᠭᠤᠳ ᠠ᠋ᠴᠠ ᠪᠦᠷᠢᠨᠰᠻᠣᠷ᠂ ᠰᠠᠶᠢᠨᠰᠠᠻᠤᠷ ᠵᠢᠰᠦ ᠰᠣᠩᠭᠤᠨ ᠯᠠᠪᠯᠠᠭ᠎ᠠ ᠠᠪᠬᠤ;
– ᠬᠠᠷᠢᠯᠴᠠᠳᠠᠭ ᠪᠠᠩᠻᠢ᠂ ᠵᠢᢉᠡᠯᠡ ᠶ᠋ᠢᠨ ᠦᠢᠯᠡᠴᠢᠯᠡᢉᠡ ᠦᠵᠡᢉᠦᠯᠳᠡᢉ ᠪᠠᠶᠢᠭᠤᠯᠤᠯᠭ᠎ᠠ ᠶ᠋ᠢᠨ ᠵᠢᢉᠡᠯᠡ ᠶ᠋ᠢᠨ ᠮᠡᠳᠡᢉᠡᠯᠡᠯ ᠬᠠᠷᠢᠭᠤᠴᠠᠭᠰᠠᠨ ᠠᠵᠢᠯᠲᠠᠨ ᠠ᠋ᠴᠠ ᠥᠪᠡᠷ ᠦ᠋ᠨ ᠪᠡᠶ᠎ᠡ ᠪᠡᠷ ᠪᠢᠴᠢᢉ ᠪᠠᠷᠢᠮᠲᠠ ᠲᠠᠢ ᠪᠠᠨ ᠣᠴᠢᠵᠤ ᠠᠪᠬᠤ ᠪᠣᠯᠤᠮᠵᠢ ᠲᠠᠢ᠃ ᠢᠷᢉᠡᠨ᠂ ᠠᠵᠤ ᠠᠬᠤᠢ ᠨᠢᢉᠡᠴᠡ ᠶ᠋ᠢᠨ ᠵᠢᢉᠡᠯᠡ᠂ ᠲᠥᠯᠦᠪᠦᠷᠢ ᠶ᠋ᠢᠨ ᠮᠡᠳᠡᢉᠡᠯᠡᠯ᠂ ᠨᠡᠮᠡᠯᠲᠡ ᠥᢉᠡᠷᠡᠴᠢᠯᠡᠯᠲᠡ ᠶ᠋ᠢ ᠠᠵᠢᠯ ᠤ᠋ᠨ ᠭᠤᠷᠪᠠᠨ ᠡᠳᠦᠷ ᠦ᠋ᠨ ᠳᠣᠲᠤᠷ᠎ᠠ ᠵᠢᢉᠡᠯᠡ ᠶ᠋ᠢᠨ ᠮᠡᠳᠡᢉᠡᠯᠡᠯ ᠦ᠋ᠨ ᠰᠠᠩ ᠳ᠋ᠤ ᠨᠡᠶᠢᠯᠡᢉᠦᠯᠳᠡᢉ ᠪᠥᢉᠡᠳ ᠲᠡᠷᠡ ᠳᠠᠷᠤᠢ ᠳ᠋ᠤ ᠲᠤᠬᠠᠢ ᠶ᠋ᠢᠨ ᠢᠷᢉᠡᠨ᠂ ᠠᠵᠤ ᠠᠬᠤᠢ ᠨᠢᢉᠡᠴᠡ ᠶ᠋ᠢᠨ ᠮᠡᠳᠡᢉᠡᠯᠡᠯ ᠰᠢᠨᠡᠴᠢᠯᠡᢉᠳᠡᠳᠡᢉ᠃  ᠬᠠᠷᠢᠨ ᠲᠠᠨ ᠤ᠋ ᠪᠦᠷᠢᠨ ᠲᠥᠯᠦᢉᠳᠡᢉᠰᠡᠨ ᠵᠢᢉᠡᠯᠡ᠂ ᠲᠥᠯᠦᠪᠦᠷᠢ ᠶ᠋ᠢᠨ ᠮᠡᠳᠡᢉᠡᠯᠡᠯ ᠑᠐ ᠵᠢᠯ ᠦ᠋ᠨ ᠬᠤᠭᠤᠴᠠᠭᠠᠨ ᠳ᠋ᠤ᠂ ᠲᠥᠯᠦᢉᠳᠡᠵᠦ ᠳᠠᠭᠤᠰᠤᠭ᠎ᠠ ᠦᢉᠡᠢ ᠵᠢᢉᠡᠯᠡ᠂ ᠲᠥᠯᠦᠪᠦᠷᠢ ᠶ᠋ᠢᠨ ᠮᠡᠳᠡᢉᠡᠯᠡᠯ ᠪᠠᠶᠢᠩᠭᠤ ᠬᠠᠳᠠᠭᠠᠯᠠᠭᠳᠠᠳᠠᠭ᠃

ᠨᠡᠶᠢᠲᠡᠯᠡᠭᠰᠡᠨ᠄