“ᠡᠷᠳᠡᠨᠢᠰ ᠲᠠᠪᠤᠨᠲᠤᠯᠤᠭᠠᠢ” ᠬᠻ-ᠡᠶᠢᠨ ᠬᠤᠪᠢᠴᠠᠭᠠᠨ ᠤ᠋ ᠨᠣᠭᠳᠠᠯ ᠠᠰᠢᠭ ᠤ᠋ᠨ ᠦᠯᠡᠳᠡᢉᠳᠡᠯ ᠢ᠋ ᢈᠡᠷᢈᠢᠨ ᢈᠦᠯᠢᠶᠡᠨ ᠠᠪᠬᠤ ᠰᠠᠨᠠᠯ ᠠᠰᠠᠭᠤᠯᠭ᠎ᠠ ᠳᠠᠭᠤᠰᠤᠯ᠎ᠠ᠃


“ᠡᠷᠳᠡᠨᠢᠰ ᠲᠠᠪᠤᠨᠲᠤᠯᠤᠭᠠᠢ” ᠬ‍᠂ ᠨᠢ ᠒᠐᠒᠔ ᠣᠨ ᠤ᠋ ᠴᠡᠪᠡᠷ ᠠᠰᠢᠭ ᠠ᠋ᠴᠠ ᠑᠐᠗᠒ ᠬᠤᠪᠢᠴᠠᠭ᠎ᠠ ᠲᠠᠢ ᠢᠷᢉᠡᠨ ᠳ᠋ᠦ ᠓᠕᠐ ᠮᠢᠩᠭᠠᠨ ᠲᠥᢉᠦᠷᠢᢉ ᠦ᠋ᠨ ᠨᠣᠭᠳᠠᠯ ᠠᠰᠢᠭ ᠢ᠋ ᠭᠤᠷᠪᠠ ᠬᠤᠪᠢᠶᠠᠨ ᠣᠯᠭᠠᠬᠤ ᠰᠢᠢᠳᠪᠦᠷᠢ ᠭᠠᠷᠤᠭᠰᠠᠨ ᠪᠥᢉᠡᠳ ᠰᠡᢉᠦᠯ ᠦ᠋ᠨ ᠣᠯᠭᠠᠯᠲᠠ ᠶ᠋ᠢ ᢈᠡᠷᢈᠢᠨ ᢈᠦᠯᠢᠶᠡᠨ ᠠᠪᠬᠤ ᠰᠠᠨᠠᠯ ᠠᠰᠠᠭᠤᠯᠭ᠎ᠠ ᠕ ᠬᠣᠨᠤᠭ ᠤ᠋ᠨ ᠬᠤᠭᠤᠴᠠᠭᠠᠨ ᠳ᠋ᠤ ᠶᠠᠪᠤᠭᠳᠠᠵᠤ ᠒᠐᠒᠕ ᠣᠨ ᠤ᠋ ᠐᠔ ᠳ᠋ᠦ᠋ᢉᠡᠷ ᠰᠠᠷ᠎ᠠ ᠶ᠋ᠢᠨ ᠐᠙-ᠨᠢᢉᠡ ᠡᠳᠦᠷ ᢈᠦᠯᠢᠶᠡᠨ ᠠᠪᠴᠤ ᠳᠠᠭᠤᠰᠤᠯ᠎ᠠ᠃ ᠬᠠᠨᠳᠢᠪ᠂ ᠬᠤᠷᠠᠮᠲᠤᠯᠠᠯ ᠤ᠋ᠨ ᠰᠠᠩ /ᠪᠠᠶᠠᠯᠢᠭ ᠤ᠋ᠨ ᠰᠠᠩ/- ᠳ᠋ᠤ ᠰᠠᠨᠠᠯ ᠥᢉᢉᠦᢉᠰᠡᠨ ᠢᠷᢉᠡᠳ ᠦ᠋ᠨ ᠪᠠᠲᠤᠯᠠᠭᠠᠵᠢᠭᠤᠯᠤᠯᠲᠠ ᠐᠔ ᠳ᠋ᠦ᠋ᢉᠡᠷ ᠰᠠᠷ᠎ᠠ ᠶ᠋ᠢᠨ ᠑᠖- ᠤ᠋ ᠡᠳᠦᠷ ᢈᠦᠷᠲᠡᠯ᠎ᠡ ᢈᠢᢉᠳᠡᢈᠦ ᠪᠥᢉᠡᠳ ᠬᠤᠷᠠᠮᠲᠤᠯᠠᠯ ᠤ᠋ᠨ ᠰᠠᠩ /ᠪᠠᠶᠠᠯᠢᠭ ᠤ᠋ᠨ ᠰᠠᠩ/-ᠳ ᠢᠷᢉᠡᠨ ᠦ᠋ ᠬᠤᠷᠠᠮᠲᠤᠯᠠᠯ ᠤ᠋ᠨ ᠨᠡᠷ᠎ᠡ ᠶ᠋ᠢᠨ ᠳᠠᠩᠰᠠᠨ ᠳ᠋ᠤ ᠪᠠᠶᠢᠭ᠎ᠠ ᠣᠳᠤ ᠶ᠋ᠢᠨ ᠦᠯᠡᠳᠡᢉᠳᠡᠯ ᠳᠡᢉᠡᠷ᠎ᠡ ᠨᠣᠭᠳᠠᠯ ᠠᠰᠢᠭ ᠤ᠋ᠨ ᠳ᠋ᠦᠩ ᠨᠡᠮᠡᢉᠳᠡᠨ ᠣᠷᠤᠨ᠎ᠠ᠃  ᠪᠡᠯᠡᠨ ᠮᠥᠩᢉᠦ /ᠬᠤᠪᠢ ᠶ᠋ᠢᠨ ᠬᠠᠷᠢᠯᠴᠠᠬᠤ ᠳᠠᠩᠰᠠᠨ ᠳ᠋ᠤ/ ᠠᠪᠬᠤ ᠰᠣᠩᠭᠤᠯᠲᠠ ᢈᠢᢉᠰᠡᠨ ᠢᠷᢉᠡᠳ ᠦ᠋ᠨ ᠨᠣᠭᠳᠠᠯ ᠠᠰᠢᠭ /᠒᠐᠒᠕᠂᠐᠔᠂᠑᠐/ ᠥᠨᠦᠳᠦᠷ ᠡᠴᠡ ᠡᢈᠢᠯᠡᠨ ᠣᠯᠭᠤᠭᠳᠠᠨ᠎ᠠ᠃  ᠢᠷᢉᠡᠳ ᠦ᠋ᠨ ᠰᠠᠨᠠᠯ ᠠᠰᠠᠭᠤᠯᠭ᠎ᠠ ᠥᢉᢉᠦᢉᠰᠡᠨ ᠲᠣᠭᠠᠨ ᠮᠡᠳᠡᢉᠡᠯᠡᠯ:
ᠪᠡᠯᠡᠨ ᠮᠥᠩᢉᠦ /ᠬᠤᠪᠢ ᠶ᠋ᠢᠨ ᠬᠠᠷᠢᠯᠴᠠᠬᠤ ᠳᠠᠩᠰᠠᠨ ᠳ᠋ᠤ/ – ᠒᠕᠙ ᠘᠖᠗ ᠬᠤᠷᠠᠮᠲᠤᠯᠠᠯ ᠤ᠋ᠨ ᠰᠠᠩ /ᠪᠠᠶᠠᠯᠢᠭ ᠤ᠋ᠨ ᠰᠠᠩ ᠳ᠋ᠤ/ – ᠑᠑᠐᠔᠓ ᠬᠠᠨᠳᠢᠪ /ᠨᠡᠶᠢᠰᠯᠡᠯ ᠦ᠋ᠨ ᠳᠡᠳ ᠪᠦᠲᠦᠴᠡ᠂ ᠠᠭᠠᠷ ᠤ᠋ᠨ ᠪᠣᢈᠢᠷᠳᠠᠯ ᠢ᠋ ᠪᠠᠭᠤᠷᠠᠭᠤᠯᠬᠤ ᠴᠢᢉᠯᠡᠯ ᠢ᠋ᠶᠡᠷ ᢉᠡᢈᠦ ᠮᠡᠲᠦ/ – ᠔᠕᠖ ᠪᠤᠶᠤ ᠨᠡᠶᠢᠲᠡ ᠒᠗᠑᠂᠓᠖᠖ ᠢᠷᢉᠡᠨ ᠰᠠᠨᠠᠯ ᠢ᠋ᠶᠠᠨ ᠥᢉᢉᠦᢉᠰᠡᠨ ᠪᠠᠶᠢᠨ᠎ᠠ᠃  ᠬᠤᠷᠠᠮᠲᠤᠯᠠᠯ ᠤ᠋ᠨ ᠰᠠᠩ / ᠪᠠᠶᠠᠯᠢᠭ ᠤ᠋ᠨ ᠰᠠᠩ/- ᠳ᠋ᠤ ᠣᠷᠤᠭᠰᠠᠨ ᠨᠣᠭᠳᠠᠯ ᠠᠰᠢᠭ ᠢ᠋ᠶᠠᠨ ᠰᠢᠯᠭᠠᠬᠤ:
ᠲᠠ ᠥᠪᠡᠷ ᠦ᠋ᠨ ᠪᠦᠷᠢᠳᢈᠡᠯ ᠢ᠋ᠶᠡᠷ ᠢ᠋ᠶᠡᠨ ᠢ-ᠮᠣᠩᠭᠤᠯᠢᠶ᠎ᠠ ᠰᠢᠰᠲ᠋ᠧᠮ ᠤᠷᠤᠭᠤ ᠨᠡᠪᠲᠡᠷᠡᠨ ᠣᠷᠤᠬᠤ ᠫᠷᠤᠹᠠᠶᠢᠯ ᢈᠡᠰᠡᢉ ᠲᠦ ᠪᠠᠶᠢᠷᠢᠯᠠᠬᠤ “ᠲᠥᠷᠦ ᠳ᠋ᠦ ᠪᠠᠶᠢᠭ᠎ᠠ ᠮᠢᠨᠤ ᠮᠡᠳᠡᢉᠡᠯᠡᠯ” ᢈᠡᠰᠡᢉ ᠲᠦ “ᠴᠢᠩᢉᠢᠰ ᠬᠠᠭᠠᠨ” ᠦᠨᠳᠦᠰᠦᠨ ᠦ᠋ ᠪᠠᠶᠠᠯᠢᠭ ᠤ᠋ᠨ ᠰᠠᠩ-ᠳ ᠨᠡᠶᠢᠲᠡ ᠬᠤᠷᠠᠮᠲᠤᠯᠠᠭᠳᠠᠭᠰᠠᠨ ᠳ᠋ᠦᠩ ᠬᠠᠷᠠᠭᠳᠠᠨ᠎ᠠ᠃  ᠮᠥᠨ “ᠦᠨᠡᠲᠦ ᠴᠠᠭᠠᠰᠤᠨ ᠤ᠋ ᠳᠠᠩᠰᠠ” ᠨᠡᢉᠡᠯᢉᠡᢉᠡ ᠦᢉᠡᠢ ᠢᠷᢉᠡᠳ ᠳᠠᠩᠰᠠ ᠪᠠᠨ ᠢ-ᠮᠣᠩᠭᠣᠯᠢᠶ᠎ᠠ ᠰᠢᠰᠲ᠋ᠧᠮ ᠢ᠋ᠶᠡᠷ ᠨᠡᢉᠡᢉᠡᠯᢉᠡᢈᠦ ᠪᠣᠯᠤᠮᠵᠢ ᠲᠠᠢ᠃

ᠨᠡᠶᠢᠲᠡᠯᠡᠭᠰᠡᠨ᠄