ᠡᠮᠨᠡᠯᢉᠡ ᠳ᠋ᠦ ᠦᠵᠡᠯᢉᠡ ᠶ᠋ᠢᠨ ᠴᠠᠭ ᠠᠪᠬᠤ ᠳ᠋ᠤᠭᠠᠷᠯᠠᠯᠲᠠ ᠶ᠋ᠢ ᠡᠮᠦᠨᠡ ᠨᠢ ᠢᠷᢉᠡᠳ ᠪᠡᠶᠡᠴᠢᠯᠡᠨ ᠣᠴᠢᠵᠤ ᠠᠪᠳᠠᠭ ᠪᠠᠶᠢᠭᠰᠠᠨ ᠪᠣᠯ ᠲᠥᠷᠦ ᠶ᠋ᠢᠨ ᠦᠢᠯᠡᠴᠢᠯᠡᢉᠡ ᠶ᠋ᠢ ᠢᠷᢉᠡᠳ ᠲᠦ ᢈᠦᠷᠲᠡᢉᠡᠮᠵᠢ ᠲᠡᠢ᠂ᠲᠦᠷᢉᠡᠨ ᠰᠢᠭᠤᠷᠬᠠᠢ᠂ ᠴᠢᠷᠦᢉᠳᠡᠯ ᠦᢉᠡᠢ ᠦᠶᠢᠯᠡᠴᠢᠯᠡᢉᠡ ᠶ᠋ᠢ ᠦᠵᠡᢉᠦᠯᢈᠦ ᠵᠣᠷᠢᠯᠭᠠ ᠪᠠᠷ “ᠡᠮᠨᠡᠯᢉᠡ ᠶ᠋ᠢᠨ ᠴᠠᠭ ᠵᠠᢈᠢᠶᠠᠯᠠᠬᠤ᠂ ᠴᠤᠴᠠᠯᠠᠬᠤ” ᠦᠶᠢᠯᠡᠴᠢᠯᠡᢉᠡ ᠶ᠋ᠢ ᠢ-ᠮᠣᠩᠭᠣᠯᠢᠶᠠ ᠰᠢᠰᠲ᠋ᠧᠮ ᠡᠴᠡ ᠰᠢᠭᠤᠳ ᠠᠪᠬᠤ ᠪᠣᠯᠤᠮᠵᠢ ᠪᠦᠷᠢᠳᠦᢉᠡᠳ ᠪᠠᠭᠠ ᠦᢉᠡᠢ ᠬᠤᠭᠤᠴᠠᠭᠠ ᠥᠩᢉᠡᠷᠡᢉᠰᠡᠨ ᠪᠠᠶᠢᠨᠠ᠃ ᠣᠳᠤ ᠶ᠋ᠢᠨ ᠪᠠᠶᠢᠳᠠᠯ ᠢ᠋ᠶᠠᠷ ᠢ-ᠮᠣᠩᠭᠣᠯᠢᠶᠠ ᠰᠢᠰᠲ᠋ᠧᠮ ᠳ᠋ᠦ ᠗᠓ ᠲᠥᠷᠦ ᠶ᠋ᠢᠨ ᠪᠣᠯᠤᠨ ᠬᠤᠪᠢ ᠶ᠋ᠢᠨ ᢈᠡᠪᠰᠢᠯ ᠦ᠋ᠨ ᠡᠮᠨᠡᠯᢉᠡ᠂ ᠬᠣᠯᠪᠤᠭᠳᠠᠭᠰᠠᠨ ᠪᠠᠶᠢᠭᠠ ᠪᠥᢉᠡᠳ ᠨᠡᠶᠢᠲᠡ ᠬᠤᠭᠤᠴᠠᠭᠠᠨ ᠳ᠋ᠤ ᠴᠠᢈᠢᠮ ᠢ᠋ᠶᠠᠷ ᠴᠠᠭ ᠵᠠᢈᠢᠶᠠᠯᠠᠬᠤ ᠦᠢᠯᠡᠴᠢᠯᠡᢉᠡ ᠶ᠋ᠢ ᠑᠂᠒᠖᠔᠂᠗᠙᠓ ᠤᠳᠠᠭᠠ ᠠᠪᠴᠡᠢ᠃ ᢈᠡᠳᠦᠢ ᠪᠡᠷ ᠡᠮᠨᠡᠯᢉᠡ ᠳ᠋ᠦ ᠴᠠᠭ ᠵᠠᢈᠢᠶᠠᠯᠠᠬᠤ ᠦᠢᠯᠡᠴᠢᠯᠡᢉᠡ ᠴᠠᢈᠢᠮᠵᠢᠭᠰᠠᠨ ᠴᠤ ᠢᠷᢉᠡᠳ ᠵᠠᢈᠢᠶᠠᠯᠠᠭᠰᠠᠨ ᠴᠠᠭ ᠲᠤ ᠪᠠᠨ ᠢᠷᠡᢈᠦ ᠦᢉᠡᠢ᠂ ᠡᠰᠡᠪᠡᠯ ᠬᠣᠴᠤᠷᠬᠤ ᠲᠣᢈᠢᠶᠠᠯᠳᠤᠯ ᠲᠦᢉᠡᠮᠡᠯ ᠪᠠᠶᠢᠨᠠ᠃ ᠰᠤᠳᠤᠯᠭᠠ ᠪᠠᠷ ᠴᠠᠭ ᠵᠠᢈᠢᠶᠠᠯᠠᠭᠰᠠᠨ ᠢᠷᢉᠡᠳ ᠦ᠋ᠨ ᠔᠐ ᠣᠷᠴᠢᠮ ᠬᠤᠪᠢ ᠨᠢ ᠦᠵᠡᠯᢉᠡ ᠳ᠋ᠦ ᠪᠡᠨ ᠢᠷᠡᠳᠡᢉ ᠦᢉᠡᠢ ᠪᠠᠶᠢᠨᠠ᠃ ᠡᠨᠡ ᠨᠢ ᠵᠥᠪᢈᠡᠨ ᠲᠤᠬᠠᠢ ᠶ᠋ᠢᠨ ᠢᠷᢉᠡᠨ ᠲᠡᠢ ᠪᠤᠰᠤ᠂ ᠡᠷᠡᢉᠦᠯ ᠮᠡᠨᠳᠦ ᠶ᠋ᠢᠨ ᠪᠠᠶᠢᠭᠤᠯᠤᠯᠭᠠ ᠶ᠋ᠢᠨ ᠦᠢᠯᠡ ᠠᠵᠢᠯᠯᠠᠭᠠ ᠪᠣᠯᠤᠨ ᠶᠠᠭᠠᠷᠠᠯᠲᠠᠢ ᠲᠤᠰᠠᠯᠠᠮᠵᠢ ᠱᠠᠭᠠᠷᠳᠠᠯᠭᠠ ᠲᠠᠢ ᠪᠤᠰᠤᠳ ᠢᠷᢉᠡᠳ ᠲᠦ ᠴᠤ ᢈᠦᠨᠳᠦᠷᠡᠯ ᠤᠴᠠᠷᠠᠭᠤᠯᠳᠠᠭ᠃ ᠲᠡᠶᠢᠮᠦ ᠡᠴᠡ ᠢᠷᢉᠡᠨ ᠲᠠ ᠡᠷᠡᢉᠦᠯ ᠮᠡᠨᠳᠦ ᠶ᠋ᠢᠨ ᠪᠠᠶᠢᠭᠤᠯᠤᠯᠭᠠ ᠶ᠋ᠢᠨ ᠡᠮᠴᠢ ᠶ᠋ᠢᠨ ᠦᠵᠡᠯᢉᠡ ᠶ᠋ᠢᠨ ᠴᠠᠭ ᠢ᠋ ᠤᠷᠢᠳᠴᠢᠯᠠᠨ ᠵᠠᢈᠢᠶᠠᠯᠠᠭᠰᠠᠨ ᠪᠣᠯᠪᠠᠴᠤ ᠲᠤᠬᠠᠢ ᠶ᠋ᠢᠨ ᠴᠠᠭ ᠲᠤ ᠪᠠᠨ ᠣᠴᠢᠵᠤ ᠠᠮᠵᠢᠬᠤ ᠦᢉᠡᠢ ᠲᠣᢈᠢᠶᠠᠯᠳᠤᠯ ᠳ᠋ᠤ:
– ᠢ-ᠮᠣᠩᠭᠤᠯᠢᠶᠠ ᠰᠢᠰᠲ᠋ᠧᠮ ᠳ᠋ᠦ ᠪᠦᠷᠢᠳᢈᠡᠯ ᠢ᠋ᠶᠡᠷ ᠢ᠋ᠶᠡᠨ ᠨᠡᠪᠲᠡᠷᠡᢈᠦ;
– ᠬᠠᠶᠢᠯᠲᠠ ᠶ᠋ᠢ ᢈᠡᠰᠡᢉ ᠲᠦ ᠡᠮᠨᠡᠯᢉᠡ ᠶ᠋ᠢᠨ ᠴᠠᠭ ᠴᠤᠴᠠᠯᠠᠬᠤ ᢉᠡᠵᠦ ᠬᠠᠶᠢᠨ;
– ᠴᠠᠭ ᠴᠤᠴᠠᠯᠠᠬᠤ ᠦᠶᠢᠯᠡᠴᠢᠯᠡᢉᠡᠨ ᠡᠴᠡ ᠴᠠᠭ ᠠᠪᠤᠭᠰᠠᠨ ᠡᠮᠨᠡᠯᢉᠡ ᠶ᠋ᠢ ᠰᠣᠩᠭᠤᠬᠤ;
– ᠴᠡᠩᢈᠡᠷ ᠲᠡᠮᠳᠡᢉᠯᠡᢉᠡ ᠪᠦᢈᠦᠢ ᠴᠠᠭ ᠠᠪᠤᠭᠰᠠᠨ ᠡᠳᠦᠷ ᠢ᠋ ᠰᠣᠩᠭᠤᠨ ᠪᠠᠲᠤᠯᠠᠭᠠᠵᠢᠭᠤᠯᠤᠨᠠ᠃
ᢈᠡᠷᠪᠡ ᠢᠷᢉᠡᠨ ᠡᠮᠨᠡᠯᢉᠡ ᠶ᠋ᠢᠨ ᠪᠠᠶᠢᠭᠤᠯᠤᠯᠭᠠ ᠳ᠋ᠤ ᠴᠠᠭ ᠠᠪᠤᠭᠰᠠᠨ ᠴᠤ ᠥᠪᠡᠷ ᠦ᠋ᠨ ᠪᠤᠷᠤᠭᠤ ᠠ᠋ᠴᠠ ᠪᠣᠯᠵᠤ ᠲᠤᠬᠠᠢ ᠶ᠋ᠢᠨ ᠴᠠᠭ ᠲᠤ ᠪᠠᠨ ᠲᠤᠰᠠᠯᠠᠮᠵᠢ᠂ ᠦᠶᠢᠯᠡᠴᠢᠯᠡᢉᠡ ᠠᠪᠴᠤ ᠴᠢᠳᠠᠭᠠ ᠦᢉᠡᠢ ᠪᠣᠯ ᠡᠮᠳᠦᠵᠡ-ᠡᠶᠢᠨ ᠒᠐᠒᠔ ᠣᠨ ᠤ᠋ ᠐᠑ ᠳ᠋ᠦ᠋ᢉᠡᠷ ᠰᠠᠷᠠ ᠶ᠋ᠢᠨ ᠐᠑-ᠨᠢᠢ ᠡᠳᠦᠷ ᠦ᠋ᠨ ᠐᠖ ᠳ᠋᠋ᠤᠭᠠᠷ ᠲᠣᠭᠲᠠᠭᠠᠯ ᠳ᠋ᠤ ᠵᠢᠭᠠᠭᠰᠠᠨ ᠤ᠋ ᠳᠠᠭᠠᠭᠤ ᠒᠐᠂᠐᠐᠐ ᠲᠥᢉᠦᠷᠢᢉ ᠢ᠋ ᠥᠪᠡᠷ ᠢ᠋ᠶᠡᠨ ᠲᠥᠯᠦᠨᠡ᠃ ᠡᠨᠡ ᠨᠢ ᠲᠣᠷᠭᠠᠭᠤᠯᠢ ᢉᠡᢈᠦ ᠡᠴᠡ ᠢᠯᠡᢉᠦᠦ ᠢᠷᢉᠡᠳ ᠢ᠋ ᠬᠠᠷᠢᠭᠤᠴᠠᠯᠭᠠᠲᠠᠢ ᠪᠣᠯᠭᠠᠬᠤ ᠵᠣᠷᠢᠯᠭᠠ ᠲᠠᠢ᠃ ᠵᠠᢈᠢᠶᠠᠯᠠᠭᠰᠠᠨ ᠴᠠᠭ ᠢ᠋ᠶᠠᠨ ᠴᠤᠴᠠᠯᠠᠵᠤ ᠰᠤᠷᠬᠤ ᠨᠢ ᠳᠠᠷᠠᠭᠠ ᠶ᠋ᠢᠨ ᠢᠷᢉᠡᠨ ᠳ᠋ᠦ ᠴᠠᠭ ᠵᠠᢈᠢᠶᠠᠯᠠᠬᠤ ᠪᠣᠯᠤᠮᠵᠢ ᠶ᠋ᠢ ᠪᠦᠷᠢᠳᠦᢉᠦᠯᠵᠦ᠂ ᠡᠮᠨᠡᠯᢉᠡ ᠶ᠋ᠢᠨ ᠦᠢᠯᠡ ᠠᠵᠢᠯᠯᠠᠭᠠ ᢈᠡᠪ ᠦ᠋ᠨ᠂ ᠴᠢᠷᠦᢉᠳᠡᠯ ᠦᢉᠡᠢ ᠶᠠᠪᠤᠭᠳᠠᠬᠤ ᠳ᠋ᠤ ᠴᠢᠬᠤᠯᠠ ᠨᠥᠯᠦᢉᠡ ᠲᠡᠢ ᠶᠤᠮ᠃
ᠵᠢᠴᠢ:
ᠴᠠᢈᠢᠮ ᠢ᠋ᠶᠠᠷ ᠦᠵᠡᠯᢉᠡ ᠶ᠋ᠢᠨ ᠴᠠᠭ ᠠᠪᠬᠤ ᠶ᠋ᠢᠨ ᠲᠤᠯᠠᠳᠠ ᠒᠐᠑᠖ ᠣᠨ ᠠ᠋ᠴᠠ ᠬᠣᠶᠢᠰᠢ ᠡᠮ ᠳ᠋ᠦ ᠵᠠᠪᠠᠯ ᠲᠥᠯᠦᢉᠰᠡᠨ ᠪᠠᠶᠢᠬᠤ ᠶᠣᠰᠤᠲᠠᠢ ᠶ᠋ᠢ ᠠᠩᠬᠠᠷᠤᠨᠠ ᠤᠤ᠃ ᠲᠠ ᠴᠠᢈᠢᠮ ᠢ᠋ᠶᠠᠷ ᠠᠪᠤᠭᠰᠠᠨ ᠦᠵᠡᠯᢉᠡ ᠶ᠋ᠢᠨ ᠴᠠᠭ ᠠ᠋ᠴᠠ ᠪᠠᠨ ᠓᠐ ᠮᠢᠨᠦ᠋ᠲ ᠤ᠋ᠨ ᠡᠮᠦᠨᠡ ᠢᠷᠡᠵᠦ ᠱᠠᠭᠠᠷᠳᠠᠯᠭᠠᠲᠠᠢ ᠵᠦᠢᠯᠡᠰ ᠢ᠋ᠶᠡᠨ ᠪᠡᠯᠡᠳᠦᢉᠰᠡᠨ ᠪᠠᠶᠢᠬᠤ ᢈᠡᠷᠡᢉᠲᠡᠢ᠃ ᠦᠵᠡᠯᢉᠡ ᠶ᠋ᠢᠨ ᠴᠠᠭ ᠪᠣᠯᠤᠨ ᠦᠵᠡᠯᢉᠡ ᠶ᠋ᠢᠨ ᠻᠠᠪᠢᠨᠧᠲ ᠢ᠋ ᠰᠣᠩᠭᠤᠬᠤ ᠳ᠋ᠤ ᠦᠵᠡᠯᢉᠡ ᢈᠢᢈᠦ ᠡᠮᠴᠢ ᠰᠣᠩᠭᠤᠭᠳᠠᠬᠤ ᠦᢉᠡᠢ ᠪᠣᠯ ᠲᠤᠬᠠᠢ ᠶ᠋ᠢᠨ ᠡᠳᠦᠷ ᠵᠠᢈᠢᠶᠠᠯᠠᠬᠤ ᠴᠠᠭ ᠳᠦᢉᠦᠷᠦᢉᠰᠡᠨ ᠪᠠᠶᠢᠭᠠ ᠶ᠋ᠢ ᠠᠩᠬᠠᠷᠤᠭᠠᠷᠠᠢ᠃