“ᠡᠷᠳᠡᠨᠢᠰ ᠲᠠᠪᠤᠨᠲᠤᠯᠤᠭᠠᠢ” ᠬᠻ-ᠡᠶᠢᠨ ᠬᠤᠪᠢᠴᠠᠭᠠᠨ ᠤ᠋ ᠨᠣᠭᠳᠠᠯ ᠠᠰᠢᠭ ᠤ᠋ᠨ ᠰᠡᢉᠦᠯ ᠦ᠋ᠨ ᠣᠯᠭᠠᠯᠲᠠ ᠶ᠋ᠢ ᢈᠡᠷᢈᠢᠨ ᢈᠦᠯᠢᠶᠡᠨ ᠠᠪᠬᠤ ᠰᠠᠨᠠᠯ ᠠᠰᠠᠭᠤᠯᠭᠠ ᠒᠐᠒᠕ ᠣᠨ ᠤ᠋ ᠐᠔ ᠳ᠋ᠦ᠋ᢉᠡᠷ ᠰᠠᠷᠠ ᠶ᠋ᠢᠨ ᠐᠙-ᠨᠢᢉᠡ ᠡᠳᠦᠷ ᢈᠦᠯᠢᠶᠡᠨ ᠠᠪᠴᠤ ᠳᠠᠭᠤᠰᠤᠭᠰᠠᠨ᠃ ᠪᠡᠯᠡᠨ ᠮᠥᠩᢉᠦ /ᠬᠤᠪᠢ ᠶ᠋ᠢᠨ ᠬᠠᠷᠢᠯᠴᠠᠬᠤ ᠳᠠᠩᠰᠠᠨ ᠳ᠋ᠤ/ ᢈᠦᠯᠢᠶᠡᠨ ᠠᠪᠬᠤ ᠰᠣᠩᠭᠤᠯᠲᠠ ᠶ᠋ᠢ ᢈᠢᢉᠰᠡᠨ ᠢᠷᢉᠡᠳ ᠦ᠋ᠨ ᠨᠣᠭᠳᠠᠯ ᠠᠰᠢᠭ ᠐᠔ ᠳ᠋ᠦ᠋ᢉᠡᠷ ᠰᠠᠷᠠ ᠶ᠋ᠢᠨ ᠑᠐- ᠤ᠋ ᠡᠳᠦᠷ ᠡᠴᠡ ᠡᢈᠢᠯᠡᠨ ᠣᠯᠭᠤᠭᠳᠠᠵᠤ ᠪᠠᠶᠢᠭᠠ ᠪᠥᢉᠡᠳ ᠬᠠᠨᠳᠢᠪ᠂ ᠬᠤᠷᠠᠮᠲᠤᠯᠠᠯ ᠤ᠋ᠨ ᠰᠠᠩ /ᠪᠠᠶᠠᠯᠢᠭ ᠤ᠋ᠨ ᠰᠠᠩ/-ᠳ ᠰᠠᠨᠠᠯ ᠥᢉᢉᠦᢉᠰᠡᠨ ᠢᠷᢉᠡᠳ ᠦ᠋ᠨ ᠒ ᠳ᠋᠋ᠤᠭᠠᠷ ᠱᠠᠲᠤᠨ ᠤ᠋ ᠪᠠᠲᠤᠯᠠᠭᠠᠵᠢᠭᠤᠯᠤᠯᠲᠠ ᠳᠠᠭᠤᠰᠬᠤ ᠳ᠋ᠤ ᠒ ᠬᠣᠨᠤᠭ ᠦᠯᠡᠳᠡᢉᠰᠡᠨ ᠪᠠᠶᠢᠨᠠ᠃ ᠲᠠ “ᠬᠤᠷᠠᠮᠲᠤᠯᠠᠯ ᠤ᠋ᠨ ᠰᠠᠩ” ᠪᠣᠯᠤᠨ “ᠬᠠᠩᠳᠢᠪ” ᢉᠡᠰᠡᠨ ᠰᠣᠩᠭᠤᠯᠲᠠ ᠶ᠋ᠢ ᢈᠢᢉᠰᠡᠨ ᠪᠣᠯ ᠡᠨᠡ ᢈᠦ ᠰᠠᠨᠠᠯ ᠠᠰᠠᠭᠤᠯᠭᠠ ᠪᠠᠷ ᠵᠠᠪᠠᠯ ᠪᠠᠲᠤᠯᠠᠭᠠᠵᠢᠭᠤᠯᠤᠨᠠ ᠤᠤ᠃ ᠲᠠᠨ ᠤ᠋ ᠥᢉᢉᠦᢉᠰᠡᠨ ᠰᠠᠨᠠᠯ ᠨᠢ ᠴᠠᠭᠠᠰᠢᠳᠠ “ᠦᠨᠳᠦᠰᠦᠨ ᠦ᠋ ᠪᠠᠶᠠᠯᠢᠭ ᠤ᠋ᠨ ᠰᠠᠩ”-ᠡᠶᠢᠨ ᠪᠣᠳᠤᠯᠭᠠ ᠶ᠋ᠢ ᠠᠷᠠᠳ ᠢᠷᢉᠡᠳ ᠦ᠋ᠨ ᢈᠦᠰᠡᠯ ᠰᠣᠨᠢᠷᠬᠠᠯ ᠳ᠋ᠤ ᠨᠡᠶᠢᠴᠡᢉᠦᠯᠦᠨ ᠪᠣᠯᠪᠠᠰᠤᠷᠠᠭᠤᠯᠵᠤ᠂ ᠡᠷᠦᠳᠡᠰᠦ ᠪᠠᠶᠠᠯᠢᠭ ᠠ᠋ᠴᠠ ᠢᠷᢉᠡᠳ ᠲᠦ ᢈᠦᠷᠲᠡᢉᠡᠵᠦ ᠪᠤᠢ ᠨᠣᠭᠳᠠᠯ ᠠᠰᠢᠭ ᠤ᠋ᠨ ᠨᠡᠶᠢᢉᠡᠮ᠂ ᠡᠳ᠋ ᠦ᠋ᠨ ᠵᠠᠰᠠᠭ ᠤ᠋ᠨ ᠦᠷᠡ ᠥᢉᢉᠦᢉᠡᠵᠢ ᠶ᠋ᠢ ᠨᠡᠮᠡᢉᠳᠡᢉᠦᠯᢈᠦ ᠳ᠋ᠦ ᠴᠢᠬᠤᠯᠠ ᠡᢉᠦᠷᢉᠡ ᢉᠦᠢᠴᠡᠳᢈᠡᠨᠡ᠃ ᠬᠤᠷᠠᠮᠲᠤᠯᠠᠯ ᠤ᠋ᠨ ᠰᠠᠩ / ᠪᠠᠶᠠᠯᠢᠭ ᠤ᠋ᠨ ᠰᠠᠩ/- ᠳ᠋ᠤ ᠣᠷᠤᠭᠰᠠᠨ ᠨᠣᠭᠳᠠᠯ ᠠᠰᠢᠭ ᠢ᠋ᠶᠠᠨ ᠰᠢᠯᠭᠠᠬᠤ:
– ᠲᠠ ᠥᠪᠡᠷ ᠦ᠋ᠨ ᠪᠦᠷᠢᠳᢈᠡᠯ ᠢ᠋ᠶᠡᠷ ᠢ᠋ᠶᠡᠨ ᠢ-ᠮᠣᠩᠭᠤᠯᠢᠶᠠ ᠰᠢᠰᠲ᠋ᠧᠮ ᠤᠷᠤᠭᠤ ᠨᠡᠪᠲᠡᠷᠡᠨ ᠣᠷᠤᠬᠤ
– ᠫᠷᠤᠹᠠᠶᠢᠯ ᢈᠡᠰᠡᢉ ᠲᠦ ᠪᠠᠶᠢᠷᠢᠯᠠᠬᠤ “ᠲᠥᠷᠦ ᠳ᠋ᠦ ᠪᠠᠶᠢᠭᠠ ᠮᠢᠨᠤ ᠮᠡᠳᠡᢉᠡᠯᠡᠯ” ᢈᠡᠰᠡᢉ ᠲᠦ “ᠴᠢᠩᢉᠢᠰ ᠬᠠᠭᠠᠨ” ᠦᠨᠳᠦᠰᠦᠨ ᠦ᠋ ᠪᠠᠶᠠᠯᠢᠭ ᠤ᠋ᠨ ᠰᠠᠩ-ᠳ ᠨᠡᠶᠢᠲᠡ ᠬᠤᠷᠠᠮᠲᠤᠯᠠᠭᠳᠠᠭᠰᠠᠨ ᠳ᠋ᠦᠩ ᠬᠠᠷᠠᠭᠳᠠᠨᠠ᠃ ᠮᠥᠨ “ᠦᠨᠡᠲᠦ ᠴᠠᠭᠠᠰᠤᠨ ᠤ᠋ ᠳᠠᠩᠰᠠ” ᠨᠡᢉᠡᠯᢉᠡᢉᠡ ᠦᢉᠡᠢ ᠢᠷᢉᠡᠳ ᠳᠠᠩᠰᠠ ᠪᠠᠨ ᠢ-ᠮᠣᠩᠭᠣᠯᠢᠶᠠ ᠰᠢᠰᠲ᠋ᠧᠮ ᠢ᠋ᠶᠡᠷ ᠨᠡᢉᠡᢉᠡᠯᢉᠡᢈᠦ ᠪᠣᠯᠤᠮᠵᠢ ᠲᠠᠢ᠃
“ᠡᠷᠳᠡᠨᠢᠰ ᠲᠠᠪᠤᠨᠲᠤᠯᠤᠭᠠᠢ” ᠬᠻ-ᠡᠶᠢᠨ ᠬᠤᠪᠢᠴᠠᠭᠠᠨ ᠤ᠋ ᠨᠣᠭᠳᠠᠯ ᠠᠰᠢᠭ ᠤ᠋ᠨ ᠦᠯᠡᠳᠡᢉᠳᠡᠯ ᠢ᠋ ᢈᠡᠷᢈᠢᠨ ᢈᠦᠯᠢᠶᠡᠨ ᠠᠪᠬᠤ ᠰᠠᠨᠠᠯ ᠠᠰᠠᠭᠤᠯᠭᠠ ᠶ᠋ᠢᠨ ᠒ ᠳ᠋᠋ᠤᠭᠠᠷ ᠱᠠᠲᠤᠨ ᠤ᠋ ᠪᠠᠲᠤᠯᠠᠭᠠᠵᠢᠭᠤᠯᠤᠯᠲᠠ ᠳᠠᠭᠤᠰᠬᠤ ᠳ᠋ᠤ ᠒ ᠬᠣᠨᠤᠭ ᠦᠯᠡᠳᠡᠯᠡ᠃

ᠨᠡᠶᠢᠲᠡᠯᠡᠭᠰᠡᠨ᠄