ᠮᠣᠩᠭᠤᠯ ᠤ᠋ᠨ ᠣᠶᠤᠨ ᠤᠬᠠᠭᠠᠨ ᠤ᠋ ᠠᠻᠠᠳ᠋ᠧᠮᠢ ᠶ᠋ᠢ ᠡᢉᠦᠰᢈᠡᠨ ᠪᠠᠶᠢᠭᠤᠯᠤᠭᠴᠢ ᠬᠠ‍᠂ᠬᠠᠲᠤᠨᠪᠠᠭᠠᠲᠤᠷ “ᠢ-ᠮᠣᠩᠭᠤᠯ ᠠᠻᠠᠳ᠋ᠧᠮᠢ” ᠤᠲᠤᠭ- ᠤ᠋ᠨ ᠠᠯᠪᠠ ᠬᠠᠭᠠᠭᠴᠢᠳ ᠲᠠᠢ ᠴᠢᠯᠦᢉᠡᠲᠦ ᠠᠭᠤᠯᠵᠠᠯᠲᠠ ᢈᠢᠯ᠎ᠡ


“ᠢ-ᠮᠣᠩᠭᠤᠯ ᠠᠻᠠᠳ᠋ᠧᠮᠢ” ᠤᠲᠤᠭ ᠤ᠋ᠨ ᠠᠯᠪᠠ ᠬᠠᠭᠠᠭᠴᠢᠳ ᠤ᠋ᠨ ᠢ᠋ᠶᠠᠨ ᠮᠡᠳᠡᠯᢉᠡ ᠤᠷ᠎ᠠ ᠴᠢᠳᠠᠪᠤᠷᠢ ᠶ᠋ᠢ ᠳᠡᢉᠡᢉᠰᠢᠯᠡᢉᠦᠯᢈᠦ᠂ ᠰᠤᠷᠭᠠᠯᠲᠠ ᠰᠣᠶᠤᠨ ᢉᠡᢉᠡᠷᠡᢉᠦᠯᢈᠦ ᠠᠵᠢᠯ ᠢ᠋ ᠱᠠᠲᠤ ᠳᠠᠷᠠᠭ᠎ᠠ ᠲᠠᠢ ᠵᠣᢈᠢᠶᠠᠨ ᠪᠠᠶᠢᠭᠤᠯᠤᠭᠰᠠᠭᠠᠷ ᠪᠠᠶᠢᠨ᠎ᠠ᠃  ᠡᠨᠡ ᠤᠳᠠᠭ᠎ᠠ ᠳ᠋ᠤ ᠮᠣᠩᠭᠣᠯ ᠤ᠋ᠨ ᠣᠶᠤᠨ ᠤᠬᠠᠭᠠᠨ ᠤ᠋ ᠠᠻᠠᠳ᠋ᠧᠮᠢ ᠶ᠋ᠢ ᠡᢉᠦᠰᢈᠡᠨ ᠪᠠᠶᠢᠭᠤᠯᠤᠭᠴᠢ ᢈᠡ᠃ ᠬᠠᠲᠠᠨᠪᠠᠭᠠᠲᠤᠷ ᠢ᠋ ᠤᠷᠢᠵᠤ ᠣᠷᠤᠯᠴᠠᠭᠤᠯᠤᠨ /᠒᠐᠒᠕᠂᠐᠔᠂᠑᠗/ ᠴᠢᠯᠦᢉᠡᠲᠦ ᠠᠭᠤᠯᠵᠠᠯᠲᠠ ᠶ᠋ᠢ ᠵᠣᢈᠢᠶᠠᠨ ᠪᠠᠶᠢᠭᠤᠯᠤᠯ᠎ᠠ᠃  ᠬ‍᠂ ᠬᠠᠲᠠᠨᠪᠠᠭᠠᠲᠤᠷ ᠨᠢ ᠒᠐᠐᠙ ᠣᠨ ᠳ᠋ᠤ ᠮᠣᠩᠭᠣᠯ ᠤ᠋ᠨ ᠣᠶᠤᠨ ᠤᠬᠠᠭᠠᠨ ᠤ᠋ ᠠᠻᠠᠳ᠋ᠧᠮᠢ ᠶ᠋ᠢ ᠡᢉᠦᠰᢈᠡᠨ ᠪᠠᠶᠢᠭᠤᠯᠤᠭᠰᠠᠨ᠂ ᠬᠤᠪᠢ ᢈᠦᠮᠦᠨ ᠦ᠋ ᢈᠥᢉᠵᠢᠯ ᠦ᠋ᠨ ᠴᠢᢉᠯᠡᠯ ᠢ᠋ᠶᠡᠷ ᠣᠶᠤᠨ ᠤ᠋ ᠰᠫᠣᠷᠲ᠂ ᠰᠤᠳᠤᠯᠭ᠎ᠠ᠂ ᠰᠤᠷᠭᠠᠯᠲᠠ ᠶ᠋ᠢ ᢈᠥᢉᠵᠢᢉᠦᠯᠵᠦ ᠪᠤᠢ ᠨᠡᠶᠢᢉᠡᠮ ᠦ᠋ᠨ ᠮᠠᠩᠯᠠᠶᠢᠯᠠᠭᠴᠢ ᠵᠠᠯᠠᠭᠤᠰ ᠤ᠋ᠨ ᠨᠢᢉᠡ ᠪᠢᠯᠡ᠃  ᠲᠤᠰ ᠠᠻᠠᠳ᠋ᠧᠮᠢ ᠨᠢ ᠡᢉᠦᠰᢈᠡᠨ ᠪᠠᠶᠢᠭᠤᠯᠤᠭᠳᠠᠭᠰᠠᠨ ᠠ᠋ᠴᠠ ᠬᠣᠶᠢᠰᠢ ᠮᠣᠩᠭᠣᠯ ᠳ᠋ᠤ ᠪᠣᠯᠤᠨ ᠣᠯᠠᠨ ᠤᠯᠤᠰ ᠲᠤ ᠨᠡᠶᠢᠲᠡ ᠔᠐ ᢉᠡᠷᠡᠲᠦ ᠰᠠᠯᠪᠤᠷᠢ ᠨᠡᢉᠡᢉᠡᢉᠳᠡᢉᠰᠡᠨ᠃  ᠲᠠᠮᠢᠷᠴᠢᠳ ᠣᠯᠠᠨ ᠤᠯᠤᠰ ᠤ᠋ᠨ ᠖᠘ ᠲᠡᠮᠡᠴᠡᢉᠡᠨ ᠡᠴᠡ ᠑᠔᠖᠘ ᠮᠧᠳᠠᠯ ᢈᠦᠷᠲᠡᠵᠦ ᢉᠢᠨ᠋ ᠨᠧᠰ᠂ ᠳᠡᠯᠡᢈᠡᠢ ᠶ᠋ᠢᠨ ᠣᠯᠠᠨ ᠠᠮᠵᠢᠯᠲᠠ ᠶ᠋ᠢ ᠡᠵᠡᠮᠰᠢᠵᠦ ᠪᠠᠶᠢᠨ᠎ᠠ᠃  ᠴᠢᠯᠦᢉᠡᠲᠦ ᠠᠭᠤᠯᠵᠠᠯᠲᠠ ᠪᠠᠷ “ᠬᠤᠷᠳᠤ ᠲᠠᠢ ᠰᠤᠷᠤᠯᠴᠠᠬᠤ ᠤᠷ᠎ᠠ ᠴᠢᠳᠠᠪᠤᠷᠢ” ᠰᠡᠳᠦᠪ ᠢ᠋ᠶᠡᠷ ᠢᠯᠡᠳᢈᠡᠯ ᠲᠠᠨᠢᠯᠴᠠᠭᠤᠯᠵᠤ᠂ ᠠᠯᠢᠪᠠ ᠵᠦᠢᠯ ᠢ᠋ ᠬᠤᠷᠳᠤ ᠲᠠᠢ ᠰᠤᠷᠤᠯᠴᠠᠬᠤ ᠳ᠋ᠤ ᠨᠥᠯᠦᢉᠡᠯᠡᠵᠦ ᠪᠤᠢ ᢈᠦᠴᠦᠨ ᠵᠦᠢᠯᠡᠰ᠂ ᠳᠡᠯᠡᢈᠡᠢ ᠶ᠋ᠢᠨ ᠵᠢᠱᠢᢉ᠂ ᠬᠤᠪᠢ ᢈᠦᠮᠦᠨ ᠬᠤᠷᠳᠤ ᠲᠠᠢ ᠰᠤᠷᠤᠯᠴᠠᠬᠤ ᠤᠷ᠎ᠠ ᠴᠢᠳᠠᠪᠤᠷᠢ ᠶ᠋ᠢ ᠡᠵᠡᠮᠰᠢᢉᠰᠡᠨ ᠢ᠋ᠶᠡᠷ ᠶᠠᠮᠪᠠᠷ ᠠᠴᠢ ᠬᠣᠯᠪᠤᠭᠳᠠᠯᠲᠠᠢ ᠲᠠᠯᠠᠭᠠᠷ ᠴᠢᠯᠦᢉᠡᠲᠡᠢ ᠶᠠᠷᠢᠯᠴᠠᠨ᠂ ᠬᠠᠷᠢᠯᠴᠠᠨ ᠰᠠᠨᠠᠯ᠂ ᠪᠣᠳᠤᠯ ᠢ᠋ᠶᠠᠨ ᠰᠣᠯᠢᠯᠴᠠᠭᠰᠠᠨ ᠶᠤᠮ᠃  ᠮᠣᠩᠭᠤᠯ ᠤ᠋ᠨ ᠣᠶᠤᠨ ᠤᠬᠠᠭᠠᠨ ᠤ᠋ ᠠᠻᠠᠳ᠋ᠧᠮᠢ ᠶ᠋ᠢ ᠡᢉᠦᠰᢈᠡᠨ ᠪᠠᠶᠢᠭᠤᠯᠤᠭᠴᠢ ᠬᠠ‍᠂ᠬᠠᠲᠠᠨᠪᠠᠭᠠᠲᠤᠷ ᠴᠠᢈᠢᠮ ᢈᠥᢉᠵᠢᠯ ᠢ᠋ ᠲᠦᢉᠦᠴᠢᠶᠡᠯᠡᠵᠦ ᠪᠤᠢ ᠵᠠᠯᠠᠭᠤᠰ ᠲᠤ ᠪᠠᠨ ᠬᠠᠨᠳᠤᠨ: ᠬᠤᠪᠢ ᢈᠦᠮᠦᠨ ᠦ᠋ ᢈᠥᢉᠵᠢᠯ ᠦ᠋ᠨ ᠲᠠᠯ᠎ᠠ ᠳᠡᢉᠡᠷ᠎ᠡ ᠢᠯᠡᢉᠦᠦ ᠠᠩᠬᠠᠷᠴᠤ᠂ ᠬᠤᠪᠢᠰᠤᠨ ᠥᢉᠡᠷᠡᠴᠢᠯᠡᢉᠳᠡᠵᠦ ᠪᠤᠢ ᠥᢉᠡᠷᠡᠴᠢᠯᠡᠯᠲᠡ ᠶ᠋ᠢᠨ ᠡᠨᠡ ᠡᠷᠢᠨ ᠵᠠᠭᠤᠨ ᠳ᠋ᠤ ᠳᠠᠰᠤᠨ ᠵᠣᢈᠢᠴᠠᠵᠤ᠂ ᠮᠠᠩᠯᠠᠶᠢᠯᠠᠬᠤ ᠤᠷ᠎ᠠ ᠴᠢᠳᠠᠪᠤᠷᠢ᠂ ᠰᠤᠷᠤᠯᠴᠠᠬᠤ ᠴᠠᠭ ᠬᠤᠭᠤᠴᠠᠭ᠎ᠠ ᠪᠣᠯᠤᠮᠵᠢ ᠪᠠᠨ ᠦᠷᢉᠦᠯᠵᠢ ᠡᠷᠢᠯᢈᠢᠯᠡᠵᠦ ᠪᠠᠶᠢᠬᠤ ᠶ᠋ᠢ ᠢᠯᠡᠷᢈᠡᠶᠢᠯᠡᠪᠡ᠃

ᠨᠡᠶᠢᠲᠡᠯᠡᠭᠰᠡᠨ᠄