ᠡᠮᠦᠨᠡ ᠨᠢ ᠢᠷᢉᠡᠳ ᠪᠣᠯᠪᠠᠰᠤᠷᠠᠯ ᠤ᠋ᠨ ᠯᠠᠪᠯᠠᠭᠠ᠂ ᠲᠣᠳᠤᠷᠬᠠᠶᠢᠯᠠᠯᠲᠠ ᠠᠪᠬᠤ ᠶ᠋ᠢᠨ ᠲᠤᠯᠠᠳᠠ ᠰᠤᠷᠭᠠᠭᠤᠯᠢ ᠪᠠᠷ ᠣᠷᠤᠵᠤ᠂ ᠪᠢᠴᠢᢉ ᠴᠠᠭᠠᠰᠤ ᠪᠦᠷᠢᠳᠦᢉᠦᠯᢈᠦ ᠱᠠᠭᠠᠷᠳᠠᠯᠭᠠ ᠲᠠᠢ ᠪᠠᠶᠢᠭᠰᠠᠨ ᠪᠣᠯ ᠣᠳᠤ E-Mongolia ᠴᠠᢈᠢᠮ ᠰᠢᠰᠲ᠋ᠧᠮ ᠢ᠋ ᠠᠰᠢᠭᠯᠠᠭᠰᠠᠨ ᠢ᠋ᠶᠠᠷ ᢈᠦᠰᠡᢉᠰᠡᠨ ᠦᠶᠡ ᠳ᠋ᠦ ᠪᠡᠨ᠂ ᠬᠠᠮᠢᠭᠠ ᠠ᠋ᠴᠠ ᠴᠤ ᠪᠣᠯᠪᠠᠰᠤᠷᠠᠯ ᠤ᠋ᠨ ᠦᠢᠯᠡᠴᠢᠯᠡᢉᠡ ᠠᠪᠬᠤ ᠪᠣᠯᠤᠮᠵᠢ ᠪᠦᠷᠢᠳᠦᠯᠡ᠃ ᠡᠳᠡᢉᠡᠷ ᠦᠢᠯᠡᠴᠢᠯᠡᢉᠡ ᠨᠦ᠋ᢉᠦᠳ ᠴᠠᢈᠢᠮᠵᠢᠭᠰᠠᠨ ᠢ᠋ᠶᠠᠷ ᠢᠷᢉᠡᠳ ᠦ᠋ᠨ ᠴᠠᠭ ᠬᠤᠭᠤᠴᠠᠭᠠ᠂ ᠵᠠᠷᠤᠳᠠᠯ ᠢ᠋ ᢈᠡᠮᠨᠡᠵᠦ᠂ ᠦᠢᠯᠡᠴᠢᠯᠡᢉᠡ ᠶ᠋ᠢ ᠢᠯᠡᢉᠦᠦ ᢈᠢᠯᠪᠠᠷ᠂ ᢈᠦᠷᠲᠡᢉᠡᠮᠵᠢ ᠲᠡᠢ ᠪᠣᠯᠭᠠᠵᠤ ᠪᠠᠶᠢᠨᠠ᠃ ᠣᠳᠤ ᠶ᠋ᠢᠨ ᠪᠠᠶᠢᠳᠠᠯ ᠢ᠋ᠶᠠᠷ ᠢᠷᢉᠡᠳ E-Mongolia ᠰᠢᠰᠲ᠋ᠧᠮ ᠢ᠋ᠶᠡᠷ ᠳᠠᠮᠵᠢᠭᠤᠯᠤᠨ ᠪᠣᠯᠪᠠᠰᠤᠷᠠᠯ ᠲᠠᠢ ᠬᠣᠯᠪᠤᠭᠠᠲᠠᠢ ᠳᠠᠷᠠᠭᠠᢈᠢ ᠖ ᠲᠥᠷᠦᠯ ᠦ᠋ᠨ ᠯᠠᠪᠯᠠᠭᠠ ᠶ᠋ᠢ ᠴᠠᢈᠢᠮ ᠢ᠋ᠶᠠᠷ ᠠᠪᠬᠤ ᠪᠣᠯᠤᠮᠵᠢ ᠲᠠᠢ᠃ E-
Mongolia ᠰᠢᠰᠲ᠋ᠧᠮ ᠢ᠋ᠶᠡᠷ ᠳᠠᠮᠵᠢᠭᠤᠯᠤᠨ ᠠᠪᠬᠤ ᠪᠣᠯᠤᠮᠵᠢ ᠲᠠᠢ ᠪᠣᠯᠪᠠᠰᠤᠷᠠᠯ ᠤ᠋ᠨ ᠯᠠᠪᠯᠠᠭᠠ ᠨᠤᠭᠤᠳ:
- ᠰᠠᠭᠤᠷᠢ ᠪᠣᠯᠪᠠᠰᠤᠷᠠᠯ ᠤ᠋ᠨ ᢉᠡᠷᠡᠴᠢᠯᠡᢉᠡ
- ᠪᠦᠷᠢᠨ ᠳᠤᠮᠳᠠ ᠪᠣᠯᠪᠠᠰᠤᠷᠠᠯ ᠤ᠋ᠨ ᢉᠡᠷᠡᠴᠢᠯᠡᢉᠡ
- ᠶᠡᢈᠡ᠂ ᠳᠡᢉᠡᠳᠦ ᠰᠤᠷᠭᠠᠭᠤᠯᠢ ᠲᠡᢉᠦᠰᠦᢉᠰᠡᠨ ᠲᠤᠬᠠᠢ ᠳ᠋ᠢᠫᠯᠣᠮ ᠤ᠋ᠨ ᠯᠠᠪᠯᠠᠭᠠ
- ᠰᠤᠷᠭᠠᠯᠲᠠ ᠶ᠋ᠢᠨ ᠪᠠᠶᠢᠭᠤᠯᠤᠯᠭᠠ ᠳ᠋ᠤ ᠰᠤᠷᠤᠯᠴᠠᠵᠤ ᠪᠠᠶᠢᠭᠠ ᠶ᠋ᠢ ᠪᠠᠲᠤᠯᠠᠬᠤ ᠲᠣᠳᠤᠷᠬᠠᠶᠢᠯᠠᠯᠲᠠ
- ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠶ᠋ᠢᠨ ᠤᠯᠤᠰ ᠤ᠋ᠨ ᠰᠢᠯᠭᠠᠯᠲᠠ ᠶ᠋ᠢᠨ ᠳ᠋ᠦᠩ ᠦ᠋ᠨ ᠬᠠᠭᠤᠯᠪᠤᠷᠢ
- ᠡᠯᠰᠡᠯᠲᠡ ᠶ᠋ᠢᠨ ᠶᠡᠷᠦᠩᢈᠡᠢ ᠰᠢᠯᠭᠠᠯᠲᠠ ᠶ᠋ᠢᠨ (ᠡᠶᠡᠰᠢ) ᠯᠠᠪᠯᠠᠭᠠ ᠪᠠᠭᠲᠠᠵᠤ ᠪᠠᠶᠢᠨᠠ᠃
ᠲᠤᠰᠠ ᠦᠶᠢᠯᠡᠴᠢᠯᠡᢉᠡ ᠨᠦ᠋ᢉᠦᠳ ᠢ᠋ ᠠᠪᠬᠤ ᠶ᠋ᠢᠨ ᠲᠤᠯᠠᠳᠠ E-Mongolia ᠸᠧᠪ ᠰᠠᠶᠢᠲ ᠪᠣᠯᠤᠨ ᠠᠫᠫᠯᠢᠻᠧᠶᠢᠱᠢᠨ᠋ ᠳ᠋ᠤ ᠥᠪᠡᠷ ᠦ᠋ᠨ ᠪᠦᠷᠢᠳᢈᠡᠯ ᠢ᠋ᠶᠡᠷ ᠢ᠋ᠶᠡᠨ ᠨᠡᠪᠲᠡᠷᠡᠵᠦ᠂ “ᠪᠣᠯᠪᠠᠰᠤᠷᠠᠯ” ᢈᠡᠰᠡᢉ ᠡᠴᠡ ᠰᠣᠩᠭᠤᠭᠠᠳ ᠦᠢᠯᠡᠴᠢᠯᠡᢉᠡᠨ ᠦ᠋ ᠨᠡᠷᠡ ᠶ᠋ᠢ ᠣᠷᠤᠭᠤᠯᠤᠨ ᠬᠠᠶᠢᠯᠲᠠ ᢈᠢᢉᠰᠡᠨ ᠢ᠋ᠶᠡᠷ ᠰᠢᠭᠤᠳ ᠠᠪᠴᠤ ᠪᠣᠯᠤᠨᠠ᠃