ᠭᠠᠳᠠᠭᠠᠳᠤ ᠫᠠᠰᠫᠤᠷᠲ ᠳᠠᢈᠢᠨ ᠵᠠᢈᠢᠶᠠᠯᠠᠬᠤ ᠳ᠋ᠤ ᠢᠯᠡᢉᠦᠦ ᢈᠢᠯᠪᠠᠷ ᠪᠣᠯᠤᠭᠰᠠᠨ


ᠦᠨᠳᠦᠰᠦᠨ ᠦ᠋ ᠭᠠᠳᠠᠭᠠᠳᠤ ᠫᠠᠰᠫᠣᠷᠲ ᠨᠢ ᠢᠷᢉᠡᠨ ᠲᠠᠨ ᠤ᠋ ᠭᠠᠳᠠᠭᠠᠳᠤ ᠳ᠋ᠤ ᠵᠣᠷᠴᠢᠬᠤ᠂ ᠲᠠᠨ ᠢ᠋ ᠮᠣᠩᠭᠣᠯ ᠤᠯᠤᠰ ᠤ᠋ᠨ ᠢᠷᢉᠡᠨ ᠮᠥᠨ ᢉᠡᠳᠡᢉ ᠢ᠋ ᢈᠢᠯᠢ ᠶ᠋ᠢᠨ ᠴᠢᠨᠠᠳᠤ ᠳ᠋ᠤ ᢉᠡᠷᠡᠴᠢᠯᠡᢈᠦ ᠦᠨᠳᠦᠰᠦᠨ ᠪᠢᠴᠢᢉ ᠪᠠᠷᠢᠮᠲᠠ ᠶᠤᠮ᠃ ᠵᠢᠯ ᠪᠦᠷᠢ ᠭᠠᠳᠠᠭᠠᠳᠤ ᠫᠠᠰᠫᠣᠷᠲ ᠵᠠᢈᠢᠶᠠᠯᠠᠬᠤ ᢉᠡᠰᠡᠨ ᠢᠷᢉᠡᠳ ᠦ᠋ᠨ ᢈᠥᠯ ᢈᠥᠳᠡᠯᢉᠡᢉᠡᠨ ᠤᠯᠤᠰ ᠤ᠋ᠨ ᠪᠦᠷᠢᠳᢈᠡᠯ ᠦ᠋ᠨ ᠶᠡᠷᠦᠩᢈᠡᠢ ᠭᠠᠵᠠᠷ ᠲᠤ ᠠᠴᠢᠶᠠᠯᠠᠯ ᠳ᠋ᠤ ᠳᠠᠷᠤᠭᠳᠠᠳᠠᠭ ᠪᠠᠶᠢᠭᠰᠠᠨ ᠴᠠᠭ ᠰᠠᠶᠢᠬᠠᠨ ᠮᠡᠲᠦ᠃  ᠬᠠᠷᠢᠨ ᠭᠠᠳᠠᠭᠠᠳᠤ ᠫᠠᠰᠫᠣᠷᠲ ᠳᠠᢈᠢᠨ ᠵᠠᢈᠢᠶᠠᠯᠠᠬᠤ ᠦᠢᠯᠡᠴᠢᠯᠡᢉᠡ ᠴᠠᢈᠢᠮᠵᠢᠭᠰᠠᠨ ᠢ᠋ᠶᠠᠷ ᠢᠷᢉᠡᠳ ᠦ᠋ᠨ ᠴᠠᠭ ᠵᠠᠪ ᠢ᠋ ᢈᠡᠮᠨᠡᢈᠦ᠂ ᠠᠴᠢᠶᠠᠯᠠᠯ ᠪᠠᠭᠤᠷᠠᠭᠤᠯᠬᠤ᠂ ᠴᠠᠭ ᠵᠠᠷᠤᠳᠠᠯ ᢈᠡᠮᠨᠡᢈᠦ ᠮᠠᠰᠢ ᠣᠯᠠᠨ ᠳᠠᠪᠠᠭᠤ ᠲᠠᠯ᠎ᠠ ᠶ᠋ᠢ ᠪᠤᠢ ᠪᠣᠯᠭᠠᠵᠡᠢ᠃  ᠲᠤᠰ ᠦᠢᠯᠡᠴᠢᠯᠡᢉᠡ ᠴᠠᢈᠢᠮᠵᠢᠭᠰᠠᠨ ᠠ᠋ᠴᠠ ᠬᠣᠶᠢᠰᠢ ᠨᠡᠶᠢᠲᠡ ᠑᠐᠖᠒᠗ ᠤᠳᠠᠭ᠎ᠠ ᠭᠠᠳᠠᠭᠠᠳᠤ ᠫᠠᠰᠫᠤᠷᠲ ᠳᠠᢈᠢᠨ ᠵᠠᢈᠢᠶᠠᠯᠠᠭᠰᠠᠨ ᠪᠠᠶᠢᠨ᠎ᠠ᠃

ᠮᠣᠩᠭᠣᠯ ᠤᠯᠤᠰ ᠡᠩ ᠦ᠋ᠨ᠂ ᠠᠯᠪᠠᠨ᠂ ᠳᠢᠫᠯᠤᠮᠠᠲ ᢉᠡᢉᠰᠡᠨ ᠓ ᠲᠥᠷᠦᠯ ᠦ᠋ᠨ ᠭᠠᠳᠠᠭᠠᠳᠤ ᠫᠠᠰᠫᠤᠷᠲ ᠢ᠋ ᠣᠯᠭᠤᠵᠤ ᠪᠠᠶᠢᠭ᠎ᠠ ᠪᠥᢉᠡᠳ ᠢ-ᠮᠣᠩᠭᠣᠯᠢᠶ᠎ᠠ ᠰᠢᠰᠲ᠋ᠧᠮ ᠡᠴᠡ ᠣᠳᠤ ᠶ᠋ᠢᠨ ᠪᠠᠶᠢᠳᠠᠯ ᠢ᠋ᠶᠠᠷ ᠡᠩ ᠦ᠋ᠨ ᠭᠠᠳᠠᠭᠠᠳᠤ ᠫᠠᠰᠫᠣᠷᠲ ᠳᠠᢈᠢᠨ ᠵᠠᢈᠢᠶᠠᠯᠠᠬᠤ ᠦᠢᠯᠡᠴᠢᠯᠡᢉᠡ ᠴᠠᢈᠢᠮᠵᠢᠭᠰᠠᠨ ᠪᠠᠶᠢᠭ᠎ᠠ ᠪᠢᠯᠡ᠃

ᠭᠠᠳᠠᠭᠠᠳᠤ ᠫᠠᠰᠫᠤᠷᠲ ᠳᠠᢈᠢᠨ ᠵᠠᢈᠢᠶᠠᠯᠠᠬᠤ ᠵᠢᠭᠠᠪᠤᠷᠢ:

  • ᠢᠷᢉᠡᠨ ᠲᠠ ᠢ-ᠮᠣᠩᠭᠤᠯᠢᠶ᠎ᠠ ᠸᠧᠪ ᠤᠷᠤᠭᠤ ᠥᠪᠡᠷ ᠦ᠋ᠨ ᠪᠦᠷᠢᠳᢈᠡᠯ ᠢ᠋ᠶᠡᠷ ᠢ᠋ᠶᠡᠨ ᠨᠡᠪᠲᠡᠷᠡᢈᠦ;
  • ᠦᠶᠢᠯᠡᠴᠢᠯᠡᢉᠡ ᠨᠦ᠋ᢉᠦᠳ ᠬᠠᠶᠢᠯᠲᠠ ᠶ᠋ᠢᠨ ᢈᠡᠰᠡᢉ ᠲᠦ / ᠡᠩ ᠦ᠋ᠨ ᠭᠠᠳᠠᠭᠠᠳᠤ ᠫᠠᠰᠫᠤᠷᠲ ᠳᠠᢈᠢᠨ ᠵᠠᢈᠢᠶᠠᠯᠠᠬᠤ / ᠰᠣᠩᠭᠤᠬᠤ;
  • ᠬᠠᠪᠰᠤᠷᠭᠠᠬᠤ ᠪᠠᠷᠢᠮᠲᠠ ᠪᠢᠴᠢᢉ ᠪᠣᠯᠤᠨ ᠲᠠᠶᠢᠯᠪᠤᠷᠢ ᢈᠡᠰᠡᢉ ᠦ᠋ᠨ ᠮᠡᠳᠡᢉᠡᠯᠡᠯ ᠦ᠋ᠳ ᠢ᠋ᠶᠡᠨ ᠣᠷᠤᠭᠤᠯᠬᠤ /ᠰᠠᠨᠠᠮᠵᠢ ᢈᠡᠰᠡᢉ ᠲᠦ ᠪᠠᠶᠢᠷᠢᠯᠠᠬᠤ ᠮᠡᠳᠡᢉᠡᠯᠡᠯ ᠢ᠋ ᠪᠦᠷᠢᠨ ᠤᠩᠰᠢᠵᠤ᠂ ᠱᠠᠭᠠᠷᠳᠠᠯᠭ᠎ᠠ ᠬᠠᠩᠭᠠᠭᠰᠠᠨ ᠵᠢᠷᠤᠭ ᠣᠷᠤᠭᠤᠯᠬᠤ/;
  • ᠲᠥᠯᠦᠪᠦᠷᠢ ᠶ᠋ᠢᠨ ᠮᠡᠳᠡᢉᠡᠯᠡᠯ ᠦ᠋ᠨ ᠵᠠᠳᠠᠷᠠᠭ᠎ᠠ ᠶ᠋ᠢ ᠤᠩᠰᠢᠵᠤ ᠲᠠᠨᠢᠯᠴᠠᠨ ᠲᠥᠯᠦᠪᠦᠷᠢ ᠪᠡᠨ ᠲᠥᠯᠦᢉᠰᠡᠨ ᠢ᠋ᠶᠡᠷ ᠵᠠᢈᠢᠶᠠᠯᠠᠭ᠎ᠠ ᠪᠠᠲᠤᠯᠠᠭᠠᠵᠢᠨ᠎ᠠ᠃

ᠲᠠᠨ ᠤ᠋ ᠵᠠᢈᠢᠶᠠᠯᠠᠭᠰᠠᠨ ᠭᠠᠳᠠᠭᠠᠳᠤ ᠫᠠᠰᠫᠤᠷᠲ ᠨᠡᠶᠢᠰᠯᠡᠯ ᠳ᠋ᠦ ᠠᠵᠢᠯ ᠤ᠋ᠨ ᠕ ᠬᠣᠨᠤᠭ ᠲᠤ᠂ ᠣᠷᠤᠨ ᠨᠤᠲᠤᠭ ᠲᠤ ᠠᠵᠢᠯ ᠤ᠋ᠨ ᠑᠕ ᠬᠣᠨᠤᠭ ᠲᠤ ᠪᠠᠭᠲᠠᠨ ᠭᠠᠷᠤᠨ᠎ᠠ᠃

ᠶᠠᠮᠪᠠᠷ ᠲᠣᢈᠢᠶᠠᠯᠳᠤᠯ ᠳ᠋ᠤ ᠭᠠᠳᠠᠭᠠᠳᠤ ᠫᠠᠰᠫᠣᠷᠲ ᠢ᠋ ᠰᠢᠨ᠎ᠡ ᠪᠡᠷ ᠠᠪᠬᠤ ᠪᠤᠢ?

  • ᠠᠰᠢᠭᠯᠠᠬᠤ ᠪᠣᠯᠤᠮᠵᠢ ᠦᢉᠡᠢ ᠪᠣᠯᠤᠭᠰᠠᠨ ᠪᠤᠶᠤ ᠬᠠᠶᠠᠵᠤ ᠦᠷᠡᢉᠳᠡᢉᠦᠯᠦᢉᠰᠡᠨ
  • ᠫᠠᠰᠫᠤᠷᠲ ᠤ᠋ᠨ ᠬᠤᠭᠤᠴᠠᠭ᠎ᠠ ᠳᠠᠭᠤᠰᠤᠭᠰᠠᠨ
  • ᠫᠠᠰᠫᠤᠷᠲ ᠤ᠋ᠨ ᠬᠠᠭᠤᠳᠠᠰᠤ ᠳᠠᠭᠤᠰᠤᠭᠰᠠᠨ
  • ᠢᠷᢉᠡᠨ ᠦ᠋ ᠮᠡᠳᠡᢉᠡᠯᠡᠯ ᠭᠠᠳᠠᠨᠠᢈᠢ ᠲᠥᠷᢈᠦ ᠳ᠋ᠦ ᠥᢉᠡᠷᠡᠴᠢᠯᠡᠯᠲᠡ ᠣᠷᠤᠭᠰᠠᠨ

ᠠᠩᠬᠠᠷᠤᠭᠤᠯᠭ᠎ᠠ: ᠬᠠᠷᠢᠨ ᠠᠩᠬ᠎ᠠ ᠤᠳᠠᠭ᠎ᠠ ᠡᠰᠡᠪᠡᠯ ᢈᠡᠦᢈᠡᠳ ᠲᠡᢉᠡᠨ ᠭᠠᠳᠠᠭᠠᠳᠤ ᠫᠠᠰᠫᠣᠷᠲ ᠵᠠᢈᠢᠶᠠᠯᠠᠬᠤ ᢉᠡᠵᠦ ᠪᠠᠶᠢᠭ᠎ᠠ ᠪᠣᠯ ᠥᠪᠡᠷ ᠦ᠋ᠨ ᠪᠡᠶ᠎ᠡ ᠪᠡᠷ ᠬᠠᠷᠢᠶ᠎ᠠ ᠳᠡᢉᠦᠷᢉᠡ ᠶ᠋ᠢᠨ ᠨᠢᢉᠡ ᠴᠡᢉ ᠦ᠋ᠨ ᠦᠢᠯᠡᠴᠢᠯᠡᢉᠡᠨ ᠳᠡᢉᠡᠷ᠎ᠡ ᠣᠴᠢᠵᠤ ᠵᠠᢈᠢᠶᠠᠯᠠᠬᠤ ᠪᠣᠯᠤᠮᠵᠢ ᠲᠠᠢ᠃

ᠵᠥᠪᠯᠡᢉᠡ:

ᠭᠠᠳᠠᠭᠠᠳᠤ ᠫᠠᠰᠫᠣᠷᠲ ᠵᠠᢈᠢᠶᠠᠯᠠᠬᠤ ᠦᠢᠯᠡᠴᠢᠯᠡᢉᠡ ᠨᠢ ᠓ ᠲᠥᠷᠦᠯ ᠪᠥᢉᠡᠳ ᠲᠥᠷᠦᠯ ᠡᠴᠡ ᠪᠡᠨ ᠬᠠᠮᠢᠶᠠᠷᠤᠨ ᠦᠨ᠎ᠡ ᠶ᠋ᠢᠨ ᠳ᠋ᠦᠩ ᠥᢉᠡᠷ᠎ᠡ ᠥᢉᠡᠷ᠎ᠡ ᠪᠠᠶᠢᠨ᠎ᠠ᠃

  • ᠴᠠᢈᠢᠮ ᠭᠠᠳᠠᠭᠠᠳᠤ ᠫᠠᠰᠫᠤᠷᠲ ᠳᠠᢈᠢᠨ ᠵᠠᢈᠢᠶᠠᠯᠠᠬᠤ / ᠬᠤᠭᠤᠴᠠᠭ᠎ᠠ ᠳᠠᠭᠤᠰᠤᠭᠰᠠᠨ ᠪᠣᠯᠤᠨ ᠬᠠᠭᠤᠳᠠᠰᠤ ᠳᠠᠭᠤᠰᠤᠭᠰᠠᠨ / – ᠘᠒᠂᠕᠐᠐ ᠲᠥᢉᠦᠷᠢᢉ
  • ᠴᠠᢈᠢᠮ ᠭᠠᠳᠠᠭᠠᠳᠤ ᠫᠠᠰᠫᠤᠷᠲ ᠳᠠᢈᠢᠨ ᠵᠠᢈᠢᠶᠠᠯᠠᠬᠤ / ᠬᠠᠶᠠᠭᠰᠠᠨ᠂ ᢉᠡᢉᠡᢉᠰᠡᠨ᠂ ᠦᠷᠡᢉᠳᠡᢉᠦᠯᠦᢉᠰᠡᠨ᠂ ᠠᠯᠳᠠᠭᠰᠠᠨ / – ᠑᠙᠐᠂᠐᠐᠐ ᠲᠥᢉᠦᠷᠢᢉ
  • ᠴᠠᢈᠢᠮ ᠭᠠᠳᠠᠭᠠᠳᠤ ᠫᠠᠰᠫᠤᠷᠲ ᠳᠠᢈᠢᠨ ᠵᠠᢈᠢᠶᠠᠯᠠᠬᠤ / ᢉᠡᠮᠲᠦᢉᠡᢉᠰᠡᠨ ᠪᠣᠯᠤᠨ ᢈᠦᠴᠦᠨ ᠲᠡᠢ ᠪᠠᠶᠢᠳᠠᠯ ᠢ᠋ ᠠᠯᠳᠠᠭᠳᠠᠭᠤᠯᠤᠭᠰᠠᠨ / – ᠑᠘᠕᠂᠐᠐᠐ ᠲᠥᢉᠦᠷᠢᢉ
ᠨᠡᠶᠢᠲᠡᠯᠡᠭᠰᠡᠨ᠄