ᠮᠣᠩᠭᠣᠯ ᠤᠯᠤᠰ ᠤ᠋ᠨ ᠵᠠᠰᠠᠭ ᠤ᠋ᠨ ᠭᠠᠵᠠᠷ ᠠ᠋ᠴᠠ ᠲᠥᠷᠦ ᠶ᠋ᠢᠨ ᠦᠶᠢᠯᠡᠴᠢᠯᠡᢉᠡ ᠶ᠋ᠢ ᠴᠠᢈᠢᠮ ᢈᠡᠯᠪᠡᠷᠢ ᠳ᠋ᠦ ᠪᠦᠷᠢᠨ ᠰᠢᠯᠵᠢᢉᠦᠯᢈᠦ ᠵᠣᠷᠢᠯᠭᠠ ᠪᠠᠷ ᠒᠐᠑᠙ ᠣᠨ ᠳ᠋ᠤ ᠰᠠᠨᠠᠭᠠᠴᠢᠯᠠᠨ ᢈᠡᠷᠡᢉᠵᠢᢉᠦᠯᠦᢉᠰᠡᠨ E-Mongolia ᠰᠢᠰᠲ᠋ᠧᠮ ᠨᠢ ᠢᠷᢉᠡᠳ ᠲᠦ ᢈᠢᠯᠪᠠᠷ᠂ ᠰᠢᠭᠤᠷᠬᠠᠢ᠂ ᠢᠯᠡ ᠲᠣᠳᠤ ᠦᠢᠯᠡᠴᠢᠯᠡᢉᠡ ᠦᠵᠡᢉᠦᠯᠵᠦ ᠪᠤᠢ ᠦᠨᠳᠦᠰᠦᠨ ᠦ᠋ ᢈᠡᠮᠵᠢᠶ ᠡᠨ ᠦ᠋ ᠬᠠᠮᠤᠭ ᠤ᠋ᠨ ᠲᠣᠮᠤ ᠴᠠᢈᠢᠮ ᠰᠢᠰᠲ᠋ᠧᠮ ᠪᠣᠯᠤᠨ ᠥᠷᢉᠡᠵᠢᠵᠦ ᠪᠠᠶᠢᠨᠠ᠃ ᠲᠤᠰᠠ ᠰᠢᠰᠲ᠋ᠧᠮ ᠨᠢ ᠒᠐᠒᠐ ᠣᠨ ᠤ᠋ ᠑᠐ ᠳ᠋ᠤᠭᠠᠷ ᠰᠠᠷᠠ ᠶ᠋ᠢᠨ ᠐᠑-ᠨᠢᠢ ᠡᠳᠦᠷ ᠒᠓ ᠪᠠᠶᠢᠭᠤᠯᠤᠯᠭᠠ ᠶ᠋ᠢᠨ ᠑᠘᠑ ᠲᠥᠷᠦᠯ ᠦ᠋ᠨ ᠦᠢᠯᠡᠴᠢᠯᠡᢉᠡ ᠲᠡᠢ ᠪᠡᠷ ᠠᠯᠪᠠᠨ ᠶᠣᠰᠤᠭᠠᠷ ᠨᠡᢉᠡᢉᠡᠵᠦ᠂ ᠣᠯᠠᠨ ᠨᠡᠶᠢᠲᠡ ᠳ᠋ᠦ ᠦᠢᠯᠡᠴᠢᠯᠡᠵᠦ ᠡᢈᠢᠯᠡᢉᠰᠡᠨ ᠪᠣᠯ ᠡᠳᠦᢉᠡ ᠘᠘ ᠪᠠᠶᠢᠭᠤᠯᠤᠯᠭᠠ ᠶ᠋ᠢᠨ ᠑᠒᠖᠔ ᠦᠢᠯᠡᠴᠢᠯᠡᢉᠡ ᠶ᠋ᠢ ᠦᠵᠡᢉᠦᠯᠵᠦ᠂ ᠥᠨᠦᠳᠦᠷ ᠦ᠋ᠨ ᠪᠠᠶᠢᠳᠠᠯ ᠢ᠋ᠶᠠᠷ ᠪᠦᠷᠢᠳᢈᠡᠯ ᠲᠡᠢ ᢈᠡᠷᠡᢉᠯᠡᢉᠴᠢ᠂ ᠦᠢᠯᠡᠴᠢᠯᠡᢉᠦᠯᠦᢉᠴᠢ ᠢᠷᢉᠡᠳ ᠦ᠋ᠨ ᠲᠣᠭᠠ ᠒᠂᠐᠐᠐᠂᠐᠐᠐ – ᠳ᠋ᠤ ᢈᠦᠷᠦᠯᠡ᠃
E-Mongolia ᠰᠢᠰᠲ᠋ᠧᠮ ᠦ᠋ᠨ ᠒ ᠰᠠᠶ᠋ᠢ ᠳ᠋ᠠᢈᠢ ᢈᠡᠷᠡᢉᠯᠡᢉᠴᠢ ᠪᠡᠷ ᠑᠗ ᠨᠠᠰᠤ ᠲᠠᠢ ᠴᠣᠭᠲᠤᠪᠠᠶᠠᠷ ᠤ᠋ᠨ ᠡᢉᠡᠰᠢᢉᠯᠡᠩ ᠲᠣᠳᠤᠷᠠᠯᠠ᠃ ᠴᠡ᠂ᠡᢉᠰᠢᢉᠯᠡᠩ ᠨᠢ “ᠨᠠᠷᠠᠨ” ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠶ᠋ᠢᠨ ᠑᠒ ᠳ᠋᠋ᠤᠭᠠᠷ ᠠᠩᢉᠢ ᠶ᠋ᠢᠨ ᠰᠤᠷᠤᠭᠴᠢ ᠪᠥᢉᠡᠳ ᠭᠠᠳᠠᠭᠠᠳᠤ ᠤᠯᠤᠰ ᠲᠤ ᠶᠡᢈᠡ᠂ ᠳᠡᢉᠡᠳᠦ ᠪᠣᠯᠪᠠᠰᠤᠷᠠᠯ ᠡᠵᠡᠮᠰᠢᢈᠦ ᠵᠣᠷᠢᠯᠭᠠ ᠲᠠᠢ ᠪᠠᠷ ᠡᠯᠰᠡᠯᠲᠡ ᠶ᠋ᠢᠨ ᠶᠡᠷᠦᠩᢈᠡᠢ ᠰᠢᠯᠭᠠᠯᠲᠠ ᠳ᠋ᠤ ᠪᠡᠯᠡᠳᢈᠡᠵᠦ ᠪᠤᠢ ᠠᠵᠤ᠃ ᠲᠡᠷᠡ ᠪᠡᠷ ᠒᠐᠒᠕ ᠣᠨ ᠤ᠋ ᠐᠔ ᠳ᠋ᠦ᠋ᢉᠡᠷ ᠰᠠᠷᠠ ᠶ᠋ᠢᠨ ᠑᠒- ᠤ᠋ᠨ ᠡᠳᠦᠷ E-Mongolia ᠠᠫᠫᠯᠢᠻᠧᠢᠢᠱᠢᠨ ᠢ᠋ ᠭᠠᠷ ᠤᠲᠠᠰᠤᠨ ᠳ᠋ᠤ ᠪᠠᠨ ᠲᠠᠲᠠᠵᠤ᠂ ᠪᠦᠷᠢᠳᢈᠡᠯ ᠢ᠋ᠶᠡᠨ ᠰᠢᠨᠡ ᠪᠡᠷ ᠡᢉᠦᠰᢈᠡᠨ᠂ ᠠᠩᠬᠠᠨ ᠤ᠋ ᠠᠪᠤᠭᠰᠠᠨ ᠦᠶᠢᠯᠡᠴᠢᠯᠡᢉᠡ ᠨᠢ “ᠢᠷᢉᠡᠨ ᠦ᠋ ᠡᠷᠡᢉᠦᠦ ᠶ᠋ᠢᠨ ᠬᠠᠷᠢᠭᠤᠴᠠᠯᠭᠠ ᢈᠦᠯᠢᠶᠡᠵᠦ ᠪᠠᠶᠢᠭᠰᠠᠨ ᠡᠰᠡᢈᠦ ᠲᠤᠬᠠᠢ ᠲᠣᠳᠤᠷᠬᠠᠶᠢᠯᠠᠯᠲᠠ” ᠪᠠᠶᠢᠵᠡᠢ᠃
ᠲᠡᠷᠡ ᠪᠡᠷ “ᠮᠢᠨᠤ ᠬᠤᠪᠢ ᠳ᠋ᠤ ᠭᠠᠳᠠᠭᠠᠳᠤ ᠤᠯᠤᠰ ᠤᠷᠤᠭᠤ ᠰᠤᠷᠤᠯᠴᠠᠬᠤ ᠪᠠᠷ ᠲᠥᠯᠦᠪᠯᠡᠵᠦ ᠪᠠᠶᠢᠭᠠ ᠪᠥᢉᠡᠳ ᠬᠠᠮᠤᠭ ᠤ᠋ᠨ ᢈᠡᠷᠡᢉᠲᠡᠢ ᠮᠠᠲ᠋ᠧᠷᠢᠠᠯ ᠢ᠋ᠶᠠᠨ E-Mongolia ᠰᠢᠰᠲ᠋ᠧᠮ ᠡᠴᠡ ᠠᠪᠴᠤ ᠪᠣᠯᠳᠠᠭ ᢉᠡᠳᠡᢉ ᠢ᠋ ᠮᠡᠳᠡᢉᠡᠳ ᠰᠢᠨᠡ ᢈᠡᠷᠡᢉᠯᠡᢉᠴᠢ ᠪᠣᠯᠤᠭᠰᠠᠨ᠃ ᠦᠢᠯᠡᠴᠢᠯᠡᢉᠡ ᠶ᠋ᠢ ᠠᠪᠬᠤ ᠳ᠋ᠤ ᠶᠠᠮᠪᠠᠷ ᠨᠢᢉᠡᠨ ᠠᠰᠠᠭᠤᠳᠠᠯ ᠦᢉᠡᠢ᠂ ᠲᠦᠷᢉᠡᠨ᠂ ᠰᠢᠭᠤᠷᠬᠠᠢ ᠪᠠᠶᠢᠭᠠ ᠨᠢ ᠦᠨᠡᢈᠡᠷ ᠲᠠᠭᠠᠯᠠᠭᠳᠠᠭᠰᠠᠨ᠃ ᢉᠡᢈᠦ ᠳ᠋ᠦ ᠪᠡᠨ ᠥᠪᠡᠷ ᠢ᠋ ᠪᠡᠨ ᠒ ᠰᠠᠶ᠋ᠢ ᠳ᠋ᠠᢈᠢ ᢈᠡᠷᠡᢉᠯᠡᢉᠴᠢ ᠪᠣᠯᠤᠨᠠ ᢉᠡᠵᠦ ᠦᠨᠡᢈᠡᠷ ᠲᠥᠰᠦᢉᠡᠯᠡᢉᠡ ᠦᢉᠡᠢ᠃ ᠠᠩᠬᠠ ᠡᠨᠡ ᠮᠡᠳᠡᢉᠡ ᠶ᠋ᠢ ᠰᠣᠨᠤᠰᠤᠭᠠᠳ ᠢᠲᠡᢉᠡᠵᠦ ᠥᢉᢈᠦ ᠦᢉᠡᠢ ᠪᠠᠶᠢᠭᠰᠠᠨ ᠴᠤ ᠮᠠᠰᠢ ᠶᠡᢈᠡ ᠪᠠᠶᠠᠷ ᠲᠠᠢ ᠪᠠᠶᠢᠨᠠ᠃ ᠬᠠᠮᠤᠭ ᠤ᠋ᠨ ᠭᠣᠣᠯ ᠨᠢ ᠬᠠᠮᠢᠭᠠ ᠠ᠋ᠴᠠ ᠴᠤ᠂ ᠴᠠᠭ ᠵᠠᠪ ᠢ᠋ᠶᠠᠨ ᢈᠡᠮᠨᠡᢉᠡᠳ ᠥᠪᠡᠷ ᠲᠦ ᢈᠡᠷᠡᢉᠲᠡᠢ ᠦᠶᠢᠯᠡᠴᠢᠯᠡᢉᠡ ᠪᠡᠨ ᠠᠪᠴᠢᠬᠠᠨᠠ ᢉᠡᠳᠡᢉ ᠨᠢ ᢈᠢᠯᠪᠠᠷ ᠰᠠᠨᠠᠭᠳᠠᠭᠰᠠᠨ᠃ ᢉᠡᠷ ᠪᠦᠯᠢ᠂ ᠰᠤᠷᠭᠠᠭᠤᠯᠢ ᠶ᠋ᠢᠨ ᠤᠳᠤᠷᠢᠳᠤᠯᠭᠠ ᠪᠣᠯᠤᠨ ᠠᠩᢉᠢ ᠶ᠋ᠢᠨ ᠮᠢᠨᠢ ᠨᠠᠶᠢᠵᠠ ᠨᠤᠭᠤᠳ ᢈᠦᠷᠲᠡᠯᠡ ᠪᠠᠶᠠᠷ ᢈᠦᠷᢈᠡᢉᠡᠳ ᠥᠪᠡᠷ ᠢ᠋ ᠪᠡᠨ ᠶᠡᢈᠡ ᠯᠠ ᠠᠵᠠᠲᠠᠢ ᠪᠠᠶᠢᠨᠠ ᢉᠡᠵᠦ ᠪᠣᠳᠤᠵᠤ ᠪᠠᠶᠢᠨᠠ᠃ ” ᢈᠡᠮᠡᠨ ᠰᠡᠳᢈᠢᢉᠳᠡᠯ ᠢ᠋ᠶᠡᠨ ᠬᠤᠪᠢᠶᠠᠯᠴᠠᠯᠠ᠃
“ᠢ-ᠮᠣᠩᠭᠤᠯ ᠠᠻᠠᠳ᠋ᠧᠮᠢ” ᠤᠲᠤᠭ- ᠤ᠋ᠨ ᠵᠦᢉ ᠡᠴᠡ ᠒ ᠰᠠᠶ᠋ᠢ ᠳ᠋ᠠᢈᠢ ᢈᠡᠷᠡᢉᠯᠡᢉᠴᠢ ᠲᠡᠢ ᠪᠡᠨ ᠠᠯᠪᠠᠨ ᠶᠣᠰᠤᠭᠠᠷ ᠠᠭᠤᠯᠵᠠᠵᠤ᠂ ᠦᠨᠡ ᠪᠦᢈᠦᠢ ᠵᠦᠢᠯ᠂ ᠭᠠᠷ ᠤ᠋ᠨ ᠪᠡᠯᠡᢉ ᠭᠠᠷᠳᠠᠭᠤᠯᠤᠨ ᠴᠠᠭᠠᠰᠢᠳᠠ ᠶ᠋ᠢᠨ ᢈᠢᠴᠢᠶᠡᠯ᠂ ᠰᠤᠷᠤᠯᠭᠠ ᠳ᠋ᠤ ᠨᠢ ᠥᠨᠳᠦᠷ ᠠᠮᠵᠢᠯᠲᠠ ᢈᠦᠰᠡᢉᠰᠡᠨ ᠶᠤᠮ᠃
ᠢᠷᢉᠡᠳ ᠦ᠋ᠨ ᠴᠠᢈᠢᠮ ᢈᠡᠷᠡᢉᠯᠡᢉᠡ ᠶ᠋ᠢ ᠨᠡᠮᠡᢉᠳᠡᢉᠦᠯᢈᠦ᠂ ᠲᠥᠷᠦ ᠶ᠋ᠢᠨ ᠦᠢᠯᠡᠴᠢᠯᠡᢉᠡ ᠶ᠋ᠢ ᠢᠯᠡᢉᠦᠦ ᢈᠦᠷᠲᠡᢉᠡᠮᠵᠢᠲᠡᠢ᠂ᢈᠢᠯᠪᠠᠷ ᠪᠠᠶᠢᠳᠠᠯ ᠢ᠋ᠶᠠᠷ ᢈᠦᠷᢈᠡᢈᠦ ᠵᠣᠷᠢᠯᠭᠠ ᠲᠠᠢ E-Mongolia ᠰᠢᠰᠲ᠋ᠧᠮ ᠨᠢ ᠰᠠᠷᠠ ᠪᠦᠷᠢ ᠳᠤᠮᠳᠠᠵᠢ ᠪᠠᠷ ᠑᠗᠂᠐᠐᠐ ᠭᠠᠷᠤᠢ ᠰᠢᠨᠡ ᢈᠡᠷᠡᢉᠯᠡᢉᠴᠢ ᠪᠡᠷ ᠴᠠᠷ ᢈᠦᠷᠢᠶᠡ ᠪᠡᠨ ᠲᠡᠯᠡᠵᠦ᠂ ᠴᠠᢈᠢᠮ ᠰᠢᠯᠵᠢᠯᠲᠡ ᠶ᠋ᠢᠨ ᠠᠮᠵᠢᠯᠲᠠ ᠶ᠋ᠢ ᠡᠳᠦᠷ ᠪᠦᠷᠢ ᠪᠠᠲᠤᠳᠬᠠᠵᠤ ᠪᠠᠶᠢᠨᠠ᠃ ᠒᠐᠒᠕ ᠣᠨ ᠤ᠋ ᠐᠔ ᠳ᠋ᠦ᠋ᢉᠡᠷ ᠰᠠᠷᠠ ᠶ᠋ᠢᠨ ᠪᠠᠶᠢᠳᠠᠯ ᠢ᠋ᠶᠠᠷ ᠲᠤᠰ ᠰᠢᠰᠲ᠋ᠧᠮ ᠳ᠋ᠦ ᠗᠒᠔᠕ ᠰᠢᠨᠡ ᢈᠡᠷᠡᢉᠯᠡᢉᠴᠢ ᠪᠦᠷᠢᠳᢈᠡᢉᠦᠯᠦᢉᠡᠳ ᠪᠠᠶᠢᠨᠠ᠃
ᠴᠠᠭᠠᠰᠢᠳᠠ ᢈᠢᠮᠡᠯ ᠣᠶᠤᠨ ᠤᠬᠠᠭᠠᠨ ᠳ᠋ᠤ ᠰᠠᠭᠤᠷᠢᠯᠠᠭᠰᠠᠨ ᠵᠥᠪᠯᠡᠮᠵᠢ ᠶ᠋ᠢᠨ ᠰᠢᠰᠲ᠋ᠧᠮ᠂ ᠠᠦ᠋ᠲ᠋ᠣᠮᠠᠲ ᠬᠠᠷᠢᠭᠤᠯᠠᠭᠴᠢ᠂ ᠳᠠᠲ᠋ᠠ ᠠᠨᠠᠯᠢᠽᠢ ᠶ᠋ᠢᠨ ᠳᠡᠪᠰᠢᠯᠲᠡᠲᠦ ᠰᠢᠢᠳᠦᠯ ᠦ᠋ᠳ ᠢ᠋ ᠦᠶᠡ ᠱᠠᠲᠤ ᠲᠠᠢ ᠪᠠᠷ ᢈᠥᢉᠵᠢᢉᠦᠯᠦᠨ ᠨᠡᠪᠲᠡᠷᠡᢉᠦᠯᢈᠦ ᠠᠵᠢᠯ ᠢ᠋ ᢈᠡᠷᠡᢉᠵᠢᢉᠦᠯᠵᠦ ᠪᠠᠶᠢᠭᠠ ᠨᠢ ᠴᠠᢈᠢᠮ ᠵᠠᠰᠠᠭᠯᠠᠯ ᠢ᠋ ᠤᠯᠠᠮ ᠪᠣᠯᠪᠠᠰᠤᠷᠠᠩᠭᠤᠢ ᠪᠣᠯᠭᠠᠬᠤ ᠴᠢᢉᠯᠡᠯ ᠳ᠋ᠦ ᠴᠢᠬᠤᠯᠠ ᠠᠯᠬᠤᠮ ᠪᠣᠯᠵᠤ ᠪᠠᠶᠢᠭᠠ ᠶᠤᠮ᠃