- “ᠲᠥᠷᠦ ᠶ᠋ᠢᠨ ᠴᠠᢈᠢᠮ ᠦᠶᠢᠯᠡᠴᠢᠯᠡᢉᠡᠨ ᠦ᠋ ᠰᠢᠨᠡ ᠠᠮᠵᠢᠯᠲᠠ: ᠒ ᠰᠠᠶᠢ ᢈᠡᠷᠡᢉᠯᠡᢉᠴᠢ”
ᠲᠥᠷᠦ ᠶ᠋ᠢᠨ ᠴᠠᢈᠢᠮ ᠦᠶᠢᠯᠡᠴᠢᠯᠡᢉᠡᠨ ᠦ᠋ ᠨᠢᢉᠡᠳᠦᢉᠰᠡᠨ ᠰᠢᠰᠲ᠋ᠧᠮ ᠪᠣᠯᠬᠤ “E-Mongolia” ᠨᠢ ᠨᠡᠶᠢᠲᠡ ᠒ ᠰᠠᠶ᠋ᠢ ᢈᠡᠷᠡᢉᠯᠡᢉᠴᠢ ᠲᠡᠢ ᠪᠣᠯᠵᠤ᠂ ᠮᠣᠩᠭᠣᠯ ᠤᠯᠤᠰ ᠤ᠋ᠨ ᠨᠠᠰᠤᠨ ᠳ᠋ᠤ ᢈᠦᠷᠦᢉᠰᠡᠨ ᠢᠷᢉᠡᠳ ᠦ᠋ᠨ ᠘᠘ ᠣᠷᠴᠢᠮ ᠬᠤᠪᠢ ᠶ᠋ᠢ ᠬᠠᠮᠤᠷᠴᠤ ᠪᠠᠶᠢᠨᠠ᠃ ᠲᠤᠰ ᠰᠢᠰᠲ᠋ᠧᠮ ᠨᠢ ᠘᠘ ᠪᠠᠶᠢᠭᠤᠯᠤᠯᠭᠠ ᠶ᠋ᠢᠨ ᠑᠂᠒᠖᠔ ᠲᠥᠷᠦᠯ ᠦ᠋ᠨ ᠦᠢᠯᠡᠴᠢᠯᠡᢉᠡ ᠶ᠋ᠢ ᠴᠠᢈᠢᠮ ᠢ᠋ᠶᠠᠷ ᢈᠦᠷᢉᠡᠵᠦ ᠪᠠᠶᠢᠭᠠ ᠪᠥᢉᠡᠳ ᠢᠷᢉᠡᠳ ᠲᠥᠷᠦ ᠶ᠋ᠢᠨ ᠦᠢᠯᠡᠴᠢᠯᠡᢉᠡ ᠶ᠋ᠢ ᠰᠢᠭᠤᠷᠬᠠᠢ᠂ ᢈᠦᠷᠲᠡᢉᠡᠮᠵᠢ ᠲᠡᠢ ᠠᠪᠬᠤ ᠨᠥᢈᠦᠴᠡᠯ ᠢ᠋ ᠪᠦᠷᠢᠳᠦᢉᠦᠯᠵᠡᠢ᠃ E-Mongolia ᠰᠢᠰᠲ᠋ᠧᠮ ᠢ᠋ᠶᠡᠷ ᠨᠡᠶᠢᠲᠡ ᠗᠙ ᠰᠠᠶ᠋ᠢ ᠤᠳᠠᠭᠠ ᠶ᠋ᠢᠨ ᠦᠢᠯᠡᠴᠢᠯᠡᢉᠡ ᠶ᠋ᠢ ᠴᠠᢈᠢᠮ ᠢ᠋ᠶᠠᠷ ᠠᠮᠵᠢᠯᠲᠠᠲᠠᠢ ᢈᠦᠷᢉᠡᠵᠦ᠂ ᠴᠠᢈᠢᠮ ᠵᠠᠰᠠᠭᠯᠠᠯ ᠤ᠋ᠨ ᢈᠥᢉᠵᠢᠯ ᠪᠣᠳᠠᠲᠤ ᠦᠷᠡ ᠳ᠋ᠦᠩ ᠢ᠋ᠶᠡᠨ ᠥᢉᠴᠦ᠂ ᠲᠥᠷᠦ ᠶ᠋ᠢᠨ ᠦᠢᠯᠡᠴᠢᠯᠡᢉᠡ ᠢᠷᢉᠡᠳ ᠦ᠋ᠨ ᠡᠳᠦᠷ ᠲᠤᠲᠤᠮ ᠤ᠋ᠨ ᠠᠮᠢᠳᠤᠷᠠᠯ ᠳ᠋ᠤ ᠪᠦᠷᠢᠨ ᠨᠡᠪᠲᠡᠷᠡᢉᠰᠡᠨ ᠢ᠋ ᠢᠯᠡᠳᢈᠡᠵᠦ ᠪᠠᠶᠢᠨᠠ᠃
E-Mongolia ᠰᠢᠰᠲ᠋ᠧᠮ ᠨᠢ ᠲᠥᠷᠦ ᠶ᠋ᠢᠨ ᠦᠢᠯᠡᠴᠢᠯᠡᢉᠡᠨ ᠦ᠋ ᠰᠢᠨᠡ ᠡᠷᠢᠨ ᠦᠶᠡ ᠶ᠋ᠢ ᠡᢈᠢᠯᠡᢉᠦᠯᠦᢉᠰᠡᠨ᠂ ᢈᠦᠮᠦᠨ ᠲᠥᠪ ᠲᠡᠢ ᠴᠠᢈᠢᠮ ᠰᠢᠢᠳᠦᠯ ᠪᠣᠯᠬᠤ ᠶ᠋ᠢᠨ ᠬᠤᠪᠢ ᠳ᠋ᠤ ᠢᠷᢉᠡᠨ ᠪᠦᠷᠢ ᠳ᠋ᠦ ᢈᠦᠷᠲᠡᢉᠡᠮᠵᠢᠲᠡᠢ᠂ ᠢᠯᠡ ᠲᠣᠳᠤ᠂ ᠰᠢᠭᠤᠷᠬᠠᠢ ᠲᠥᠷᠦ ᠶ᠋ᠢᠨ ᠦᠢᠯᠡᠴᠢᠯᠡᢉᠡ ᠶ᠋ᠢ ᠡᠳᠦᠷ ᠲᠤᠲᠤᠮ ᠤ᠋ᠨ ᠠᠮᠢᠳᠤᠷᠠᠯ ᠤ᠋ᠨ ᢈᠡᠪ ᠮᠠᠶ᠋ᠢᠭ ᠲᠤ ᠨᠡᠪᠲᠡᠷᠡᢉᠦᠯᠵᠦ ᠴᠢᠳᠠᠭᠰᠠᠨ ᠨᠢ ᠬᠠᠮᠤᠭ ᠤ᠋ᠨ ᠲᠣᠮᠤ ᠠᠮᠵᠢᠯᠲᠠ ᠶᠤᠮ᠃ “ᠲᠥᠷᠦ ᠶ᠋ᠢᠨ ᠴᠠᢈᠢᠮ ᠦᠢᠯᠡᠴᠢᠯᠡᢉᠡᠨ ᠦ᠋ ᢈᠡᠷᠡᢉᠯᠡᢉᠴᠢᠳ ᠦ᠋ᠨ ᠲᠣᠭᠠ ᠒ ᠰᠠᠶᠠ ᠳ᠋ᠤ ᢈᠦᠷᢈᠦ ᠳ᠋ᠦ ᠦᠨᠡᠲᠡᠢ ᠬᠤᠪᠢ ᠨᠡᠮᠡᠷᠢ ᠣᠷᠤᠭᠤᠯᠵᠤ᠂ ᠳᠡᠮᠵᠢᠯᢉᠡ ᠦᠵᠡᢉᠦᠯᠦᢉᠰᠡᠨ ᠢᠷᢉᠡᠨ᠂ ᠬᠠᠤᠯᠢ ᠶ᠋ᠢᠨ ᠡᠲᠡᢉᠡᠳ ᠪᠣᠯᠤᠨ ᠬᠠᠮᠲᠤᠷᠠᠨ ᠠᠵᠢᠯᠯᠠᠭᠴᠢ ᠪᠠᠶᠢᠭᠤᠯᠤᠯᠭᠠ ᠨᠤᠭᠤᠳ ᠲᠠ ᠪᠦᢈᠦᠨ ᠳ᠋ᠦ ᠪᠡᠨ ᠲᠠᠯᠠᠷᠬᠠᠯ ᠢᠯᠡᠷᢈᠡᠶᠢᠯᠡᠶᠡ᠃ ”
- ᠳᠦᠷᠰᠦ ᠪᠢᠴᠢᠯᢉᠡ ᠶ᠋ᠢᠨ ᠲᠧᠻᠨᠢᢉ ᢈᠡᠷᠡᢉᠰᠡᠯ ᠰᠠᠭᠤᠷᠢᠯᠠᠭᠤᠯᠤᠭᠰᠠᠨ ᠲᠠᠯᠠᠭᠠᠷ ᠴᠠᠭᠳᠠᠭᠠ ᠶ᠋ᠢᠨ ᠪᠠᠶᠢᠭᠤᠯᠤᠯᠭᠠ ᠶ᠋ᠢᠨ ᠰᠠᠨᠠᠯ ᠠᠪᠬᠤ ᢈᠦᠰᠡᠯᠲᠡ ᠪᠡᠨ E-Mongolia ᠪᠣᠯᠤᠨ E-Business ᠰᠢᠰᠲ᠋ᠧᠮ ᠢ᠋ᠶᠡᠷ ᠢᠯᠡᢉᠡᢉᠡᠷᠡᠢ
ᢉᠡᠮᠲᠦ ᢈᠡᠷᠡᢉ᠂ ᠵᠥᠷᠢᠴᠡᠯ ᠡᠴᠡ ᠤᠷᠢᠳᠴᠢᠯᠠᠨ ᠰᠡᠷᢉᠡᠶᠢᠯᠡᢈᠦ᠂ ᢉᠡᠮᠲᠦ ᢈᠡᠷᠡᢉ ᠲᠡᠢ ᠲᠡᠮᠡᠴᠡᢈᠦ ᠦᠷᠡ ᠳ᠋ᠦᠩᠲᠡᠢ ᠠᠵᠢᠯ ᠤ᠋ᠨ ᠨᠢᢉᠡ ᠴᠢᠬᠤᠯᠠ ᠠᠵᠢᠯ ᠨᠢ ᠳᠦᠷᠰᠦ ᠪᠢᠴᠢᠯᢉᠡ ᠶ᠋ᠢᠨ ᠲᠧᢈᠨᠢᢉ᠂ ᢈᠡᠷᠡᢉᠰᠡᠯ ᠪᠤᠶᠤ ᠲᠧᠯᠧ ᢈᠢᠨᠠᠯᠲᠠ ᠶ᠋ᠢᠨ ᠨᠢᢉᠡᠳᠦᢉᠰᠡᠨ ᠰᠢᠰᠲ᠋ᠧᠮ᠃ ᠲᠡᢉᠡᠪᠡᠯ ᠒᠐᠒᠓ ᠣᠨ ᠠ᠋ᠴᠠ ᠡᢈᠢᠯᠡᠨ ᠳᠦᠷᠰᠦ ᠪᠢᠴᠢᠯᢉᠡ ᠶ᠋ᠢᠨ ᠲᠧᠻᠨᠢᢉ ᢈᠡᠷᠡᢉᠰᠡᠯ ᠰᠠᠭᠤᠷᠢᠯᠠᠭᠤᠯᠤᠭᠰᠠᠨ ᠲᠠᠯᠠᠭᠠᠷ ᠴᠠᠭᠳᠠᠭᠠ ᠶ᠋ᠢᠨ ᠪᠠᠶᠢᠭᠤᠯᠤᠯᠭᠠ ᠶ᠋ᠢᠨ ᠰᠠᠨᠠᠯ ᠠᠪᠬᠤ ᢈᠦᠰᠡᠯᠲᠡ ᠪᠡᠨ ᠢ-ᠮᠣᠩᠭᠤᠯᠢᠶᠠ ᠪᠣᠯᠤᠨ ᠢ-ᠪᠢᠽᠢᠨᠧᠰ ᠰᠢᠰᠲ᠋ᠧᠮ ᠢ᠋ᠶᠡᠷ ᠢᠯᠡᢉᠡᢈᠦ ᠪᠣᠯᠤᠮᠵᠢ ᠪᠦᠷᠢᠳᠦᢉᠰᠡᠨ ᠪᠥᢉᠡᠳ ᠦᠶᠢᠯᠡᠴᠢᠯᠡᢉᠡ ᠨᠡᠪᠲᠡᠷᠡᢉᠰᠡᠨ ᠡᠴᠡ ᠬᠣᠶᠢᠰᠢ
– ᠢ-ᠮᠣᠩᠭᠤᠯᠢᠶᠠ ᠰᠢᠰᠲ᠋ᠧᠮ ᠢ᠋ᠶᠡᠷ ᠖᠓᠘᠓
– ᠢ-ᠪᠢᠽᠢᠨᠧᠰ ᠰᠢᠰᠲ᠋ᠧᠮ ᠢ᠋ᠶᠡᠷ ᠑᠗᠐᠘ ᠨᠡᠶᠢᠲᠡ ᠘᠐᠙᠑ ᠤᠳᠠᠭᠠ ᠠᠮᠵᠢᠯᠲᠠᠲᠠᠢ ᠦᠢᠯᠡᠴᠢᠯᠡᢉᠡ ᠠᠪᠤᠭᠰᠠᠨ ᠪᠠᠶᠢᠨᠠ᠃ ᠳᠡᢉᠡᠷᠡᢈᠢ ᠦᠶᠢᠯᠡᠴᠢᠯᠡᢉᠡ ᠶ᠋ᠢ ᠢᠷᢉᠡᠨ ᠪᠣᠯᠤᠨ ᠠᠨ- ᠢ᠋ᠶᠡᠷ ᠠᠪᠳᠠᠭ ᠤᠴᠢᠷ ᠢ-ᠮᠣᠩᠭᠤᠯᠢᠶᠠ᠂ ᠢ-ᠪᠢᠽᠢᠨᠧᠰ ᠰᠢᠰᠲ᠋ᠧᠮ ᠦ᠋ᠳ ᠢ᠋ᠶᠡᠷ ᢈᠦᠯᠢᠶᠡᠨ ᠠᠪᠳᠠᠭ᠃
- ᢈᠡᠦᢈᠡᠳ ᠦ᠋ᠨ ᠢ᠋ᠶᠡᠨ ᠗ ᠲᠥᠷᠦᠯ ᠦ᠋ᠨ ᠯᠠᠪᠯᠠᠭᠠ᠂ ᠲᠣᠳᠤᠷᠬᠠᠶᠢᠯᠠᠯᠲᠠ ᠶ᠋ᠢ ᠢ-ᠮᠣᠩᠭᠣᠯᠢᠶᠠ ᠰᠢᠰᠲ᠋ᠧᠮ ᠢ᠋ᠶᠡᠷ ᠠᠪᠬᠤ ᠪᠣᠯᠤᠮᠵᠢ ᠲᠠᠢ ᠪᠣᠯᠤᠯᠠ
ᠡᠴᠢᢉᠡ᠂ ᠡᢈᠡᠴᠦᠳ ᢈᠡᠦᢈᠡᠳ ᠦ᠋ᠨ ᠢ᠋ᠶᠡᠨ ᠨᠡᠷᠡ ᠳᠡᢉᠡᠷᠡ ᠭᠠᠷᠳᠠᠭ ᠳᠠᠷᠠᠭᠠᢈᠢ ᠲᠥᠷᠦᠯ ᠦ᠋ᠨ ᠯᠠᠪᠯᠠᠭᠠ᠂ ᠲᠣᠳᠤᠷᠬᠠᠶᠢᠯᠠᠯᠲᠠ ᠨᠤᠭᠤᠳ ᠢ᠋ ᠡᠮᠦᠨᠡ ᠨᠢ ᠵᠠᠪᠠᠯ ᠪᠡᠶᠡᠴᠢᠯᠡᠨ ᠣᠴᠢᠵᠤ ᠠᠪᠳᠠᠭ ᠪᠠᠶᠢᠭᠰᠠᠨ ᠪᠣᠯ ᠣᠳᠤ ᠶᠡ-ᠮᠣᠩᠭᠣᠯᠢᠶᠠ ᠰᠢᠰᠲ᠋ᠧᠮ ᠢ᠋ᠶᠡᠷ ᠴᠠᢈᠢᠮ ᠢ᠋ᠶᠠᠷ ᢈᠢᠯᠪᠠᠷᠬᠠᠨ ᠠᠪᠬᠤ ᠪᠣᠯᠤᠮᠵᠢ ᠲᠠᠢ ᠪᠣᠯᠤᠯᠠ᠃ ᢈᠡᠦᢈᠡᠳ ᠦ᠋ᠨ ᠨᠡᠷᠡ ᠳᠡᢉᠡᠷᠡ ᠠᠪᠬᠤ ᠪᠣᠯᠤᠮᠵᠢ ᠲᠠᠢ ᠯᠠᠪᠯᠠᠭᠠ᠂ ᠲᠣᠳᠤᠷᠬᠠᠶᠢᠯᠠᠯᠲᠠ ᠨᠤᠭᠤᠳ:
– ᠦᠨᠳᠦᠰᠦᠨ ᠦ᠋ ᠡᠩ ᠦ᠋ᠨ ᠭᠠᠳᠠᠭᠠᠳᠤ ᠫᠠᠰᠫᠤᠷᠲ ᠤ᠋ᠨ ᠪᠦᠷᠢᠳᢈᠡᠯ ᠦᢉᠡᠢ ᠯᠠᠪᠯᠠᠭᠠ
– ᠦᠨᠳᠦᠰᠦᠨ ᠦ᠋ ᠡᠩ ᠦ᠋ᠨ ᠭᠠᠳᠠᠭᠠᠳᠤ ᠫᠠᠰᠫᠤᠷᠲ ᠤ᠋ᠨ ᠪᠦᠷᠢᠳᢈᠡᠯ ᠦ᠋ᠨ ᠯᠠᠪᠯᠠᠭᠠ (ᠠᠩᠬᠠ ᠤᠳᠠᠭᠠ ᠠᠪᠤᠭᠰᠠᠨ)
– ᠦᠨᠳᠦᠰᠦᠨ ᠦ᠋ ᠡᠩ ᠦ᠋ᠨ ᠭᠠᠳᠠᠭᠠᠳᠤ ᠫᠠᠰᠫᠤᠷᠲ ᠤ᠋ᠨ ᠪᠦᠷᠢᠳᢈᠡᠯ ᠦ᠋ᠨ ᠯᠠᠪᠯᠠᠭᠠ (ᠳᠠᢈᠢᠨ ᠠᠪᠤᠭᠰᠠᠨ)
– ᠢᠷᢉᠡᠨ ᠦ᠋ ᠡᠷᠡᢉᠦᠦ ᠶ᠋ᠢᠨ ᠬᠠᠷᠢᠭᠤᠴᠠᠯᠭᠠ ᢈᠦᠯᠢᠶᠡᠵᠦ ᠪᠠᠶᠢᠭᠠ ᠡᠰᠡᢈᠦ ᠲᠣᠳᠤᠷᠬᠠᠶᠢᠯᠠᠯᠲᠠ (ᠠᠩᢉᠯᠢ)
– ᠢᠷᢉᠡᠨ ᠦ᠋ ᠡᠷᠡᢉᠦᠦ ᠶ᠋ᠢᠨ ᠬᠠᠷᠢᠭᠤᠴᠠᠯᠭᠠ ᢈᠦᠯᠢᠶᠡᠵᠦ ᠪᠠᠶᠢᠭᠠ ᠡᠰᠡᢈᠦ ᠲᠣᠳᠤᠷᠬᠠᠶᠢᠯᠠᠯᠲᠠ
– ᠢᠷᢉᠡᠨ ᠦ᠋ ᠡᠷᠡᢉᠦᠦ ᠶ᠋ᠢᠨ ᠬᠠᠷᠢᠭᠤᠴᠠᠯᠭᠠ ᢈᠦᠯᠢᠶᠡᠵᠦ ᠪᠠᠶᠢᠭᠰᠠᠨ ᠡᠰᠡᢈᠦ ᠲᠣᠳᠤᠷᠬᠠᠶᠢᠯᠠᠯᠲᠠ
– ᠤᠯᠤᠰ ᠤ᠋ᠨ ᢈᠢᠯᠢ ᠪᠡᠷ ᠨᠡᠪᠲᠡᠷᠡᢉᠰᠡᠨ ᠢᠷᢉᠡᠨ ᠦ᠋ ᠯᠠᠪᠯᠠᠭᠠ (ᠰᠡᢉᠦᠯ ᠦ᠋ᠨ) ᠠᠪᠬᠤ ᠪᠣᠯᠤᠮᠵᠢ ᠲᠠᠢ ᠪᠠᠶᠢᠨᠠ᠃
- ᠳᠡᠯᠡᢈᠡᠢ ᠶ᠋ᠢᠨ ᠪᠠᠩᠻᠢ ᠶ᠋ᠢᠨ ᠲᠥᠯᠦᢉᠡᠯᠡᢉᠴᠢ᠂ “ᠢ-ᠮᠣᠩᠭᠤᠯ ᠠᠻᠠᠳ᠋ᠧᠮᠢ” ᠤᠲᠤᠭ-ᠲᠠᠢ ᠬᠠᠮᠲᠤᠷᠠᠭᠰᠠᠨ ᠠᠭᠤᠯᠵᠠᠯᠲᠠ ᠵᠣᢈᠢᠶᠠᠨ ᠪᠠᠶᠢᠭᠤᠯᠵᠤ᠂ ᠦᠶᠢᠯᠡ ᠠᠵᠢᠯᠯᠠᠭᠠ ᠲᠠᠢ ᠲᠠᠨᠢᠯᠴᠠᠯᠠ
/᠒᠐᠒᠕᠂᠐᠔᠂᠒᠔/ ᠳᠡᠯᠡᢈᠡᠢ ᠶ᠋ᠢᠨ ᠪᠠᠩᠻᠢ ᠶ᠋ᠢᠨ ᠲᠥᠯᠦᢉᠡᠯᠡᢉᠴᠢᠳ “ᠢ-ᠮᠣᠩᠭᠤᠯ ᠠᠻᠠᠳ᠋ᠧᠮᠢ” ᠤᠲᠤᠭ- ᠤ᠋ᠨ ᠦᠢᠯᠡ ᠠᠵᠢᠯᠯᠠᠭᠠ ᠲᠠᠢ ᠲᠠᠨᠢᠯᠴᠠᠵᠤ᠂ ᠤᠳᠤᠷᠢᠳᠤᠯᠭᠠ ᠨᠤᠭᠤᠳ ᠲᠠᠢ ᠬᠠᠮᠲᠤᠷᠠᠭᠰᠠᠨ ᠠᠭᠤᠯᠵᠠᠯᠲᠠ ᠵᠣᢈᠢᠶᠠᠨ ᠪᠠᠶᠢᠭᠤᠯᠤᠯᠠ᠃
ᠬᠠᠮᠲᠤᠷᠠᠭᠰᠠᠨ ᠠᠭᠤᠯᠵᠠᠯᠲᠠ ᠶ᠋ᠢᠨ ᢈᠦᠷᠢᠶᠡᠨ ᠳ᠋ᠦ ᠮᠣᠩᠭᠣᠯ ᠤᠯᠤᠰ ᠤ᠋ᠨ ᠴᠠᢈᠢᠮ ᠲᠠᠨᠢᠬᠤ ᠲᠡᠮᠳᠡᢉᠲᠦ ᠶ᠋ᠢᠨ ᠥᠨᠦ ᠶ᠋ᠢᠨ ᠪᠠᠶᠢᠳᠠᠯ᠂ ᠲᠥᠷᠦ ᠶ᠋ᠢᠨ ᠴᠠᢈᠢᠮ ᠦᠶᠢᠯᠡᠴᠢᠯᠡᢉᠡᠨ ᠦ᠋ ᠨᠢᢉᠡᠳᠦᢉᠰᠡᠨ ᠶᠡ-ᠮᠣᠩᠭᠣᠯᠢᠶᠠ ᠪᠣᠯᠤᠨ ᠪᠤᠰᠤᠳ ᢈᠥᢉᠵᠢᢉᠦᠯᠵᠦ ᠪᠤᠢ ᠰᠢᠰᠲ᠋ᠧᠮ ᠦ᠋ᠨ ᠥᢉᠡᠷᠡᠴᠢᠯᠡᠯᠲᠡ᠂ ᠠᢈᠢᠵᠤ ᠳᠡᠪᠰᠢᠯ᠂ ᠴᠠᠭᠠᠰᠢᠳᠠ ᠶ᠋ᠢᠨ ᢈᠥᢉᠵᠢᠯ ᠦ᠋ᠨ ᠴᠢᢉ ᠬᠠᠨᠳᠤᠯᠭᠠ ᠪᠣᠯᠤᠨ ᠣᠯᠠᠨ ᠤᠯᠤᠰ ᠤ᠋ᠨ ᠰᠢᠯᠢᠳᠡᢉ ᠲᠤᠷᠰᠢᠯᠭᠠ ᠨᠤᠭᠤᠳ ᠤ᠋ᠨ ᠲᠠᠯᠠᠭᠠᠷ ᠰᠠᠨᠠᠯ ᠰᠣᠯᠢᠯᠴᠠᠬᠤ ᠠ᠋ᠴᠠ ᠭᠠᠳᠠᠨᠠ ᠲᠥᠪᠯᠡᠷᠡᢉᠰᠡᠨ ᠪᠤᠰᠤ ᠴᠠᢈᠢᠮ ᠲᠠᠨᠢᠯᠲᠠ ᠨᠡᠪᠲᠡᠷᠡᠯᠲᠡ ᠶ᠋ᠢᠨ ᠰᠢᠢᠳᠦᠯ ᠦ᠋ᠳ ᠢ᠋ ᠨᠡᠪᠲᠡᠷᠡᢉᠦᠯᢈᠦ ᠪᠣᠯᠤᠮᠵᠢ (Decentralized Digital Identity)᠂ᠤ᠂ ᠹ᠂᠂ ᠰᠣᠷᠢᠯᠲᠠ᠂ ᠳᠠᠪᠠᠭᠤ ᠲᠠᠯᠠ ᠨᠤᠭᠤᠳ ᠤ᠋ᠨ ᠲᠠᠯᠠᠭᠠᠷ ᢈᠡᠯᠡᠯᠴᠡᢉᠰᠡᠨ ᠶᠤᠮ᠃
ᠳᠡᢉᠡᠷᠡᢈᠢ ᠠᠭᠤᠯᠵᠠᠯᠲᠠ ᠨᠢ ᠮᠣᠩᠭᠣᠯ ᠤᠯᠤᠰ ᠲᠤ ᠢᠷᠡᢉᠡᠳᠦᠢ ᠶ᠋ᠢᠨ ᠴᠠᢈᠢᠮ ᠲᠠᠨᠢᠬᠤ ᠲᠡᠮᠳᠡᢉᠲᠦ ᠶ᠋ᠢᠨ ᠡᠻᠣᠰᠢᠰᠲ᠋ᠧᠮ ᠢ᠋ ᠲᠥᠯᠦᠪᠰᠢᢉᠦᠯᢈᠦ᠂ ᠣᠯᠠᠨ ᠤᠯᠤᠰ ᠤ᠋ᠨ ᠵᠥᠪᠯᠡᠮᠵᠢ᠂ ᠲᠤᠷᠰᠢᠯᠭᠠ ᠶ᠋ᠢ ᠨᠤᠲᠤᠭᠰᠢᠭᠤᠯᠬᠤ ᠴᠢᢉᠯᠡᠯ ᠳ᠋ᠦ ᠴᠢᠬᠤᠯᠠ ᠠᠯᠬᠤᠮ ᠪᠣᠯᠵᠤ ᠪᠠᠶᠢᠭᠠ ᠪᠠᠷ ᠢ᠋ᠶᠠᠨ ᠣᠨᠴᠠᠯᠢᠭ ᠪᠠᠶᠢᠨᠠ᠃
- ᠭᠠᠳᠠᠭᠠᠳᠤ ᠫᠠᠰᠫᠤᠷᠲ ᠳᠠᢈᠢᠨ ᠵᠠᢈᠢᠶᠠᠯᠠᠬᠤ ᠳ᠋ᠤ ᠢᠯᠡᢉᠦᠦ ᢈᠢᠯᠪᠠᠷ ᠪᠣᠯᠤᠭᠰᠠᠨ
ᠮᠣᠩᠭᠣᠯ ᠤᠯᠤᠰ ᠡᠩ ᠦ᠋ᠨ᠂ ᠠᠯᠪᠠᠨ᠂ ᠳᠢᠫᠯᠤᠮᠠᠲ ᢉᠡᢉᠰᠡᠨ ᠓ ᠲᠥᠷᠦᠯ ᠦ᠋ᠨ ᠭᠠᠳᠠᠭᠠᠳᠤ ᠫᠠᠰᠫᠤᠷᠲ ᠢ᠋ ᠣᠯᠭᠤᠵᠤ ᠪᠠᠶᠢᠭᠠ ᠪᠥᢉᠡᠳ ᠢ-ᠮᠣᠩᠭᠣᠯᠢᠶᠠ ᠰᠢᠰᠲ᠋ᠧᠮ ᠡᠴᠡ ᠣᠳᠤ ᠶ᠋ᠢᠨ ᠪᠠᠶᠢᠳᠠᠯ ᠢ᠋ᠶᠠᠷ ᠡᠩ ᠦ᠋ᠨ ᠭᠠᠳᠠᠭᠠᠳᠤ ᠫᠠᠰᠫᠣᠷᠲ ᠳᠠᢈᠢᠨ ᠵᠠᢈᠢᠶᠠᠯᠠᠬᠤ ᠦᠢᠯᠡᠴᠢᠯᠡᢉᠡ ᠴᠠᢈᠢᠮᠵᠢᠭᠰᠠᠨ ᠪᠠᠶᠢᠭᠠ ᠪᠢᠯᠡ᠃
ᠶᠠᠮᠪᠠᠷ ᠲᠣᢈᠢᠶᠠᠯᠳᠤᠯ ᠳ᠋ᠤ ᠭᠠᠳᠠᠭᠠᠳᠤ ᠫᠠᠰᠫᠣᠷᠲ ᠢ᠋ ᠰᠢᠨᠡ ᠪᠡᠷ ᠠᠪᠬᠤ ᠪᠤᠢ?
- ᠠᠰᠢᠭᠯᠠᠬᠤ ᠪᠣᠯᠤᠮᠵᠢ ᠦᢉᠡᠢ ᠪᠣᠯᠤᠭᠰᠠᠨ ᠪᠤᠶᠤ ᠬᠠᠶᠠᠵᠤ ᠦᠷᠡᢉᠳᠡᢉᠦᠯᠦᢉᠰᠡᠨ
- ᠫᠠᠰᠫᠤᠷᠲ ᠤ᠋ᠨ ᠬᠤᠭᠤᠴᠠᠭᠠ ᠳᠠᠭᠤᠰᠤᠭᠰᠠᠨ
- ᠫᠠᠰᠫᠤᠷᠲ ᠤ᠋ᠨ ᠬᠠᠭᠤᠳᠠᠰᠤ ᠳᠠᠭᠤᠰᠤᠭᠰᠠᠨ
- ᠢᠷᢉᠡᠨ ᠦ᠋ ᠮᠡᠳᠡᢉᠡᠯᠡᠯ ᠭᠠᠳᠠᠨᠠᢈᠢ ᠲᠥᠷᢈᠦ ᠳ᠋ᠦ ᠥᢉᠡᠷᠡᠴᠢᠯᠡᠯᠲᠡ ᠣᠷᠤᠭᠰᠠᠨ
ᠠᠩᠬᠠᠷᠤᠭᠤᠯᠭᠠ: ᠬᠠᠷᠢᠨ ᠠᠩᠬᠠ ᠤᠳᠠᠭᠠ ᠡᠰᠡᠪᠡᠯ ᢈᠡᠦᢈᠡᠳ ᠲᠡᢉᠡᠨ ᠭᠠᠳᠠᠭᠠᠳᠤ ᠫᠠᠰᠫᠣᠷᠲ ᠵᠠᢈᠢᠶᠠᠯᠠᠬᠤ ᢉᠡᠵᠦ ᠪᠠᠶᠢᠭᠠ ᠪᠣᠯ ᠥᠪᠡᠷ ᠦ᠋ᠨ ᠪᠡᠶᠡ ᠪᠡᠷ ᠬᠠᠷᠢᠶᠠ ᠳᠡᢉᠦᠷᢉᠡ ᠶ᠋ᠢᠨ ᠨᠢᢉᠡ ᠴᠡᢉ ᠦ᠋ᠨ ᠦᠢᠯᠡᠴᠢᠯᠡᢉᠡᠨ ᠳᠡᢉᠡᠷᠡ ᠣᠴᠢᠵᠤ ᠵᠠᢈᠢᠶᠠᠯᠠᠬᠤ ᠪᠣᠯᠤᠮᠵᠢ ᠲᠠᠢ᠃