᠒᠐᠒᠐ ᠣᠨ ᠠ᠋ᠴᠠ ᠡᠮᠦᠨᠡ ᠢᠷᢉᠡᠳ «ᠢᠷᢉᠡᠨ ᠦ᠋ ᠡᠷᠡᢉᠦᠦ ᠶ᠋ᠢᠨ ᠬᠠᠷᠢᠭᠤᠴᠠᠯᠭᠠ ᢈᠦᠯᠢᠶᠡᠵᠦ ᠪᠠᠶᠢᠭᠠ ᠡᠰᠡᢈᠦ ᠲᠤᠬᠠᠢ ᠲᠣᠳᠤᠷᠬᠠᠶᠢᠯᠠᠯᠲᠠ»- ᠶ᠋ᠢ ᠠᠪᠬᠤ ᠶ᠋ᠢᠨ ᠲᠤᠯᠠᠳᠠ ᠪᠡᠶᠡᠴᠢᠯᠡᠨ ᠣᠴᠢᠬᠤ ᠱᠠᠭᠠᠷᠳᠠᠯᠭᠠ ᠲᠠᠢ ᠪᠠᠶᠢᠭᠰᠠᠨ ᠪᠥᢉᠡᠳ ᠳᠤᠮᠳᠠᠵᠢ ᠪᠠᠷ ᠑᠘᠐ ᠮᠢᠨᠦᠲ ᠵᠠᠷᠤᠴᠠᠭᠤᠯᠳᠠᠭ ᠪᠠᠶᠢᠭᠰᠠᠨ᠃ ᠲᠥᠷᠦ ᠶ᠋ᠢᠨ ᠦᠶᠢᠯᠡᠴᠢᠯᠡᢉᠡᠨ ᠦ᠋ ᠨᠢᢉᠡᠳᠦᢉᠰᠡᠨ E-Mongolia ᠰᠢᠰᠲ᠋ᠧᠮ ᠢ᠋ᠶᠡᠷ ᠳᠠᠮᠵᠢᠭᠤᠯᠤᠨ ᠤᠭ ᠲᠣᠳᠤᠷᠬᠠᠶᠢᠯᠠᠯᠲᠠ᠂ ᠯᠠᠪᠯᠠᠭᠠ ᠶ᠋ᠢ ᠶᠡᠷᠦᠳᠡᢉᠡᠨ ᠑᠐ ᠰᠧᠻᠦ᠋ᠨ᠋ᠳ᠋ ᠲᠤ᠂ ᠬᠠᠮᠢᠭᠠ ᠠ᠋ᠴᠠ ᠴᠤ ᠴᠠᢈᠢᠮ ᠢ᠋ᠶᠠᠷ ᠠᠪᠬᠤ ᠪᠣᠯᠤᠮᠵᠢ ᠲᠠᠢ ᠪᠣᠯᠤᠭᠰᠠᠨ ᠨᠢ ᠢᠷᢉᠡᠳ ᠦ᠋ᠨ ᠴᠠᠭ ᠬᠤᠭᠤᠴᠠᠭᠠ᠂ ᠭᠠᠷᠴᠤ ᠪᠣᠯᠬᠤ ᠵᠠᠷᠤᠳᠠᠯ ᠢ᠋ ᢈᠡᠮᠨᠡᠵᠦ ᠪᠠᠶᠢᠭᠠ ᠶᠤᠮ᠃
- ᠢᠷᢉᠡᠳ ᠦ᠋ᠨ ᠬᠤᠪᠢ ᠳ᠋ᠤ ᠠᠵᠢᠯ ᠳ᠋ᠤ ᠣᠷᠤᠬᠤ᠂ ᠭᠠᠳᠠᠭᠠᠳᠤ ᠤᠯᠤᠰ ᠤᠷᠤᠭᠤ ᠰᠤᠷᠤᠯᠴᠠᠬᠤ᠂ ᠴᠠᠭᠠᠰᠢᠯᠠᠭᠠᠳ ᠠᠯᠪᠠᠨ ᠶᠣᠰᠤᠨ ᠤ᠋ ᠪᠠᠷᠢᠮᠲᠠ ᠪᠢᠴᠢᢉ ᠪᠦᠷᠢᠳᠦᢉᠦᠯᢈᠦ ᠵᠡᠷᢉᠡ ᠣᠯᠠᠨ ᠲᠣᢈᠢᠶᠠᠯᠳᠤᠯ ᠤ᠋ᠳ ᠲᠤ ᠢᠷᢉᠡᠨ ᠦ᠋ ᠡᠷᠡᢉᠦᠦ ᠶ᠋ᠢᠨ ᠬᠠᠷᠢᠭᠤᠴᠠᠯᠭᠠ ᢈᠦᠯᠢᠶᠡᠵᠦ ᠪᠠᠶᠢᠭᠰᠠᠨ ᠡᠰᠡᢈᠦ ᠲᠠᠯᠠᠭᠠᠷᢈᠢ ᠲᠣᠳᠤᠷᠬᠠᠶᠢᠯᠠᠯᠲᠠ ᠶ᠋ᠢ ᠱᠠᠭᠠᠷᠳᠠᠳᠠᠭ ᠪᠥᢉᠡᠳ ᠴᠠᠭᠳᠠᠭᠠ ᠶ᠋ᠢᠨ ᠪᠠᠶᠢᠭᠤᠯᠤᠯᠭᠠ ᠠ᠋ᠴᠠ “ᠴᠠᠭᠳᠠᠭᠠ ᠶ᠋ᠢᠨ ᠠᠯᠪᠠᠨ ᠤ᠋ ᠲᠤᠬᠠᠢ ᠬᠠᠤᠯᠢ”-ᠡᠶᠢᠨ ᠑᠐ ᠳ᠋᠋ᠤᠭᠠᠷ ᠵᠦᠢᠯ ᠦ᠋ᠨ ᠑᠐᠂᠑᠃ ᠑᠐ ᠳ᠋ᠠᢈᠢ ᠵᠢᠭᠠᠯᠲᠠ᠂ ᠪᠤᠰᠤᠳ ᠬᠣᠯᠪᠤᠭᠳᠠᠬᠤ ᠬᠠᠤᠯᠢ ᠶ᠋ᠢᠨ ᢈᠦᠷᠢᠶᠡᠨ ᠳ᠋ᠦ ᠣᠯᠭᠠᠳᠠᠭ᠃ ᠡᠳᠡᢉᠡᠷ ᠵᠢᠭᠠᠯᠲᠠ ᠶ᠋ᠢᠨ ᠳᠠᠭᠠᠭᠤ ᠡᠷᢈᠡ ᠪᠦᢈᠦᠢ ᠪᠠᠶᠢᠭᠤᠯᠤᠯᠭᠠ᠂ ᠠᠯᠪᠠᠨ ᠲᠤᠰᠢᠶᠠᠯᠲᠠᠨ ᠮᠥᠨ ᠢᠷᢉᠡᠨ ᠦ᠋ ᢈᠦᠰᠡᠯᠲᠡ ᠪᠡᠷ ᠡᠷᠡᢉᠦᠦ ᠶ᠋ᠢᠨ ᠬᠠᠷᠢᠭᠤᠴᠠᠯᠭᠠ ᠶ᠋ᠢᠨ ᠯᠠᠪᠯᠠᠭᠠ᠂ ᠲᠣᠳᠤᠷᠬᠠᠶᠢᠯᠠᠯᠲᠠ ᠣᠯᠭᠠᠬᠤ ᠵᠣᢈᠢᠴᠠᠭᠤᠯᠤᠯᠲᠠ ᠲᠠᠢ᠃
᠒᠐᠒᠕ ᠣᠨ ᠤ᠋ ᠡᢈᠢᠨ ᠦ᠋ ᠤᠯᠠᠷᠢᠯ ᠤ᠋ᠨ ᠪᠠᠶᠢᠳᠠᠯ ᠢ᠋ᠶᠠᠷ E-Mongolia ᠰᠢᠰᠲ᠋ᠧᠮ ᠢ᠋ᠶᠡᠷ ᠳᠠᠮᠵᠢᠭᠤᠯᠤᠨ:
- ᠢᠷᢉᠡᠨ ᠦ᠋ ᠡᠷᠡᢉᠦᠦ ᠶ᠋ᠢᠨ ᠬᠠᠷᠢᠭᠤᠴᠠᠯᠭᠠ ᢈᠦᠯᠢᠶᠡᠵᠦ ᠪᠠᠶᠢᠭᠠ ᠡᠰᠡᢈᠦ ᠲᠤᠬᠠᠢ ᠲᠣᠳᠤᠷᠬᠠᠶᠢᠯᠠᠯᠲᠠ – ᠘᠘᠂᠕᠑᠖ ᠤᠳᠠᠭᠠ
- ᠢᠷᢉᠡᠨ ᠦ᠋ ᠡᠷᠡᢉᠦᠦ ᠶ᠋ᠢᠨ ᠬᠠᠷᠢᠭᠤᠴᠠᠯᠭᠠ ᢈᠦᠯᠢᠶᠡᠵᠦ ᠪᠠᠶᠢᠭᠰᠠᠨ ᠡᠰᠡᢈᠦ ᠲᠤᠬᠠᠢ ᠲᠣᠳᠤᠷᠬᠠᠶᠢᠯᠠᠯᠲᠠ – ᠔᠗᠂᠕᠖᠘ ᠤᠳᠠᠭᠠ
- ᠢᠷᢉᠡᠨ ᠦ᠋ ᠡᠷᠡᢉᠦᠦ ᠶ᠋ᠢᠨ ᠬᠠᠷᠢᠭᠤᠴᠠᠯᠭᠠ ᢈᠦᠯᠢᠶᠡᠵᠦ ᠪᠠᠶᠢᠭᠠ ᠡᠰᠡᢈᠦ ᠲᠣᠳᠤᠷᠬᠠᠶᠢᠯᠠᠯᠲᠠ (ᠠᠩᢉᠯᠢ ᢈᠡᠯᠡ ᠳᠡᢉᠡᠷᠡ) – ᠓᠘᠂᠖᠘᠑ ᠤᠳᠠᠭᠠ ᠲᠤᠰ ᠲᠤᠰ ᠠᠪᠴᠡᠢ᠃
E-Mongolia ᠰᠢᠰᠲ᠋ᠧᠮ ᠡᠴᠡ ᠯᠠᠪᠯᠠᠭᠠ ᠲᠣᠳᠤᠷᠬᠠᠶᠢᠯᠠᠯᠲᠠ ᠠᠪᠬᠤ ᠵᠢᠭᠠᠪᠤᠷᠢ:
- E-Mongolia ᠰᠢᠰᠲ᠋ᠧᠮ ᠤᠷᠤᠭᠤ ᠪᠦᠷᠢᠳᢈᠡᠯ ᠲᠡᠢ ᠬᠠᠶᠢᠭ ᠢ᠋ᠶᠠᠷ ᠢ᠋ᠶᠠᠨ ᠨᠡᠪᠲᠡᠷᠡᠨᠡ᠃
- “ᠦᠶᠢᠯᠡᠴᠢᠯᠡᢉᠡ ᠨᠦ᠋ᢉᠦᠳ” ᢈᠡᠰᠡᢉ ᠤᠷᠤᠭᠤ ᠣᠷᠤᠵᠤ᠂ ᠠᠪᠬᠤ ᢉᠡᠵᠦ ᠪᠤᠢ ᠲᠣᠳᠤᠷᠬᠠᠶᠢᠯᠠᠯᠲᠠ ᠶ᠋ᠢᠨ ᠨᠡᠷᠡ ᠶ᠋ᠢ ᠬᠠᠶᠢᠯᠲᠠ ᠶ᠋ᠢᠨ ᢈᠡᠰᠡᢉ ᠲᠦ ᠪᠢᠴᠢᠨᠡ᠃
- ᠢᠯᠡᠷᠡᢉᠰᠡᠨ ᠦᠢᠯᠡᠴᠢᠯᠡᢉᠡ ᠶ᠋ᠢ ᠰᠣᠩᠭᠤᠨ᠂ ᠱᠠᠭᠠᠷᠳᠠᠯᠭᠠᠲᠠᠢ ᠮᠡᠳᠡᢉᠡᠯᠡᠯ ᠢ᠋ᠶᠡᠨ ᠪᠥᢉᠯᠡᠨ᠂ ᠲᠣᠳᠤᠷᠬᠠᠶᠢᠯᠠᠯᠲᠠ ᠪᠠᠨ ᠲᠠᠲᠠᠵᠤ ᠠᠪᠤᠨᠠ᠃
ᠴᠠᢈᠢᠮ ᠢ᠋ᠶᠠᠷ ᠰᠢᠢᠳᠴᠦ᠂ ᠴᠠᠭ ᠢ᠋ᠶᠠᠨ ᢈᠡᠮᠨᠡᠶᠡ᠃ E-Mongolia