E-Mongolia ᠰᠢᠰᠲ᠋ᠧᠮ ᠦ᠋ᠨ ᢈᠡᠷᠡᢉᠯᠡᢉᠴᠢ ᠪᠣᠯᠬᠤ ᠲᠤᠩ ᠠᠮᠠᠷᠬᠠᠨ


ᠲᠥᠷᠦ ᠶ᠋ᠢᠨ ᠘᠘ ᠪᠠᠶᠢᠭᠤᠯᠤᠯᠭ᠎ᠠ ᠶ᠋ᠢᠨ ᠑᠂᠒᠖᠔ ᠲᠥᠷᠦᠯ ᠦ᠋ᠨ ᠦᠶᠢᠯᠡᠴᠢᠯᠡᢉᠡ ᠶ᠋ᠢ ᠨᠢᢉᠡ ᠳᠣᠣᠷ᠎ᠠ ᠲᠥᠪᠯᠡᠷᠡᢉᠦᠯᠦᢉᠰᠡᠨ E-
Mongolia ᠰᠢᠰᠲ᠋ᠧᠮ ᠢ᠋ ᠲᠠ ᠬᠠᠮᠢᠭ᠎ᠠ ᠠ᠋ᠴᠠ ᠴᠤ᠂ ᢈᠡᠵᠢᠶ᠎ᠡ ᠴᠤ᠂ ᠒᠔/᠗ ᠠᠰᠢᠭᠯᠠᠬᠤ ᠪᠣᠯᠤᠮᠵᠢ ᠲᠠᠢ᠃  ᠮᠣᠩᠭᠣᠯ ᠤᠯᠤᠰ ᠲᠤ ᠪᠣᠯᠤᠨ ᠭᠠᠳᠠᠭᠠᠳᠤ ᠳ᠋ᠤ ᠪᠠᠶᠢᠭ᠎ᠠ ᠢᠷᢉᠡᠳ ᠡᠨᠡ ᢈᠦ ᠰᠢᠰᠲ᠋ᠧᠮ ᠢ᠋ᠶᠡᠷ ᠳᠠᠮᠵᠢᠭᠤᠯᠤᠨ ᠲᠥᠷᠦ ᠶ᠋ᠢᠨ ᠦᠢᠯᠡᠴᠢᠯᠡᢉᠡ ᠶ᠋ᠢ ᠴᠠᠭ ᠠᠯᠳᠠᠬᠤ ᠦᢉᠡᠢ ᠴᠠᢈᠢᠮ ᠢ᠋ᠶᠠᠷ ᠠᠪᠴᠤ ᠪᠠᠶᠢᠨ᠎ᠠ᠃  ᠲᠤᠰ ᠰᠢᠰᠲ᠋ᠧᠮ ᠦ᠋ᠨ ᢈᠡᠷᠡᢉᠯᠡᢉᠴᠢ ᠬᠠᠷᠠᠬᠠᠨ ᠪᠣᠯᠵᠤ ᠠᠮᠵᠢᠭ᠎ᠠ ᠦᢉᠡᠢ ᠪᠣᠯ ᠲᠠ ᠳᠣᠣᠷᠠᢈᠢ ᠠᠯᠬᠤᠮ ᠢ᠋ ᢈᠢᢈᠦ ᠳ᠋ᠦ ᠯᠠ ᠬᠠᠩᠭᠠᠯᠲᠠᠢ᠃  ᠪᠦᠷᠢᠳᢈᠡᢉᠦᠯᢈᠦ ᠳ᠋ᠦ ᠲᠤᠩ ᢈᠢᠯᠪᠠᠷ:

  1. E-Mongolia ᠠᠫᠫᠯᠢᠻᠧᠶᠢᠱᠢᠨ ᠢ᠋ᠶᠡᠨ ᠲᠠᠲᠠᠨ᠎ᠠ᠃
  2. ᠷᠧᢉᠢᠰᠲ᠋ᠧᠷ ᠦ᠋ᠨ ᠳ᠋᠋ᠤᠭᠠᠷ᠂ ᠤᠲᠠᠰᠤᠨ ᠤ᠋ ᠳ᠋ᠤᠭᠠᠷ ᠢ᠋ᠶᠠᠨ ᠣᠷᠤᠭᠤᠯᠤᠭᠠᠳ ᠮᠧᠰᠰᠧᠵ ᠢ᠋ᠶᠡᠷ ᠢᠷᠡᢉᠰᠡᠨ ᠻᠣᠳ᠋ ᠢ᠋ᠶᠠᠷ ᠪᠦᠷᠢᠳᢈᠡᠯ ᠢ᠋ᠶᠡᠨ ᠪᠠᠲᠤᠯᠠᠭᠠᠵᠢᠭᠤᠯᠤᠨ᠎ᠠ᠃
  3. ᠪᠠᠩᠻᠢ ᠶ᠋ᠢᠨ ᠡᠷᢈᠡ ᠪᠡᠷ ᠰᠢᠭᠤᠳ ᠨᠡᠪᠲᠡᠷᠡᢈᠦ ᠡᠰᠡᠪᠡᠯ ᠭᠠᠳᠠᠭᠠᠳᠤ ᠠ᠋ᠴᠠ Lime ᠳ᠋ᠤᠭᠠᠷ ᠠᠰᠢᠭᠯᠠᠨ ᠪᠦᠷᠢᠳᢈᠡᢉᠦᠯᢈᠦ ᠪᠣᠯᠤᠮᠵᠢ ᠲᠠᠢ᠃  ᠠᠩᠬᠠᠷᠬᠤ ᠵᠦᠶᠢᠯᠡᠰ:
    – ᠮᠣᠩᠭᠣᠯ ᠤᠯᠤᠰ ᠤ᠋ᠨ ᢈᠦᠴᠦᠨ ᠲᠡᠢ ᠢᠷᢉᠡᠨ ᠦ᠋ ᠦᠨᠡᠮᠯᠡᢈᠦ ᠱᠠᠭᠠᠷᠳᠠᠯᠭ᠎ᠠ ᠲᠠᠢ᠃  – ᠭᠠᠳᠠᠭᠠᠳᠤ ᠳ᠋ᠤ ᠪᠤᠢ ᠢᠷᢉᠡᠳ ᠴᠠᢈᠢᠮ ᠭᠠᠷ ᠤ᠋ᠨ ᠦᠰᠦᢉ ᠠᠪᠬᠤ ᠳ᠋ᠤ ᠪᠠᠨ ᠲᠤᠬᠠᠢ ᠶ᠋ᠢᠨ ᠤᠯᠤᠰ ᠤ᠋ᠨ ᠡᠯᠴᠢᠨ ᠰᠠᠶᠢᠳ ᠤ᠋ᠨ ᠶᠠᠮᠤᠨ ᠳ᠋ᠤ ᠬᠠᠨᠳᠤᠬᠤ ᠶᠣᠰᠤᠲᠠᠢ᠃ ᠫᠷᠣᠼᠧᠰᠰ ᠤᠯᠤᠰ ᠪᠦᠷᠢ ᠳ᠋ᠦ ᠢᠯᠭᠠᠭᠠᠲᠠᠢ ᠲᠤᠯᠠ ᠳᠡᠯᢉᠡᠷᠡᠩᢉᠦᠢ ᠮᠡᠳᠡᢉᠡᠯᠡᠯ ᠢ᠋ ᠡᠯᠴᠢᠨ ᠰᠠᠶᠢᠳ ᠤ᠋ᠨ ᠶᠠᠮᠤᠨ ᠠ᠋ᠴᠠ ᠯᠠᠪᠯᠠᠨ᠎ᠠ ᠤᠤ᠃ ᠬᠣᠯᠪᠤᠭ᠎ᠠ ᠪᠠᠷᠢᠬᠤ:
    – ᠪᠨᠰᠦ ᠳᠠᢈᠢ ᠡᠯᠴᠢᠨ ᠰᠠᠶᠢᠳ ᠤ᠋ᠨ ᠶᠠᠮᠤᠨ: +᠘᠒-᠒-᠗᠙᠘-᠑᠙᠕᠐᠂ seoul@mfa᠃ gov᠃ mn
    – ᠠᠨᠤ ᠳᠠᢈᠢ ᠡᠯᠴᠢᠨ ᠰᠠᠶᠢᠳ ᠤ᠋ᠨ ᠶᠠᠮᠤᠨ: +᠑-᠒᠐᠒-᠓᠓᠓-᠗᠑᠑᠗᠂ washington@mfa᠃ gov᠃ mn
    – ᢉᠧᠷᠮᠠᠨ ᠳᠠᢈᠢ ᠡᠯᠴᠢᠨ ᠰᠠᠶᠢᠳ ᠤ᠋ᠨ ᠶᠠᠮᠤᠨ: +᠔᠙-᠓᠐-᠔᠗᠔-᠘᠐᠖᠐᠂ berlin@mfa᠃ gov᠃ mn
    – ᠪᠤᠰᠤᠳ ᠤᠯᠤᠰ ᠳᠠᢈᠢ ᠻᠣᠨᠰᠦᠯ ᠤ᠋ᠨ ᠵᠢᠭᠰᠠᠭᠠᠯᠲᠠ ᠶ᠋ᠢ www᠃ consul᠃ mn ᠰᠠᠶᠢᠲ ᠠ᠋ᠴᠠ ᠦᠵᠡᠨ᠎ᠡ ᠦᠦ᠃  ᠲᠥᠷᠦ ᠶ᠋ᠢᠨ ᠦᠶᠢᠯᠡᠴᠢᠯᠡᢉᠡ ᠶ᠋ᠢ ᠲᠠᠨ ᠤ᠋ ᠭᠠᠷ ᠲᠤ E-Mongolia
ᠨᠡᠶᠢᠲᠡᠯᠡᠭᠰᠡᠨ᠄