ᠲᠥᠯᠦᠪᠦᠷᠢ ᠶ᠋ᠢᠨ ᠴᠢᠳᠠᠪᠤᠷᠢ ᠦᢉᠡᠢ ᠢᠷᢉᠡᠨ ᠦ᠋ ᠥᠮᠦᢉᠡᠯᠡᠯ ᠦ᠋ᠨ ᠦᠢᠯᠡᠴᠢᠯᠡᢉᠡ ᠦᠨᠡ ᠲᠥᠯᠦᠪᠦᠷᠢ ᠦᢉᠡᠢ ᠠᠪᠬᠤ ᢈᠦᠰᠡᠯᠲᠡ ᠶ᠋ᠢ ᠲᠥᠷᠦ ᠶ᠋ᠢᠨ ᠦᠶᠢᠯᠡᠴᠢᠯᠡᢉᠡᠨ ᠦ᠋ ᠨᠢᢉᠡᠳᠦᢉᠰᠡᠨ E-Mongolia ᠰᠢᠰᠲ᠋ᠧᠮ ᠢ᠋ᠶᠡᠷ ᠭᠠᠷᠭᠠᠬᠤ ᠪᠣᠯᠤᠮᠵᠢ ᠲᠠᠢ ᠪᠥᢉᠡᠳ ᠢᠷᢉᠡᠨ ᠥᠪᠡᠷ ᠲᠦ ᠪᠡᠨ ᠪᠣᠯᠤᠨ ᠪᠤᠰᠤᠳ ᠢ᠋ ᠲᠥᠯᠦᢉᠡᠯᠡᠵᠦ ᢈᠦᠰᠡᠯᠲᠡ ᠢᠯᠡᢉᠡᢈᠦ ᠪᠣᠯᠤᠮᠵᠢ ᠲᠠᠢ᠃ ᠬᠠᠷᠢᠨ ᠦᠢᠯᠡᠴᠢᠯᠡᢉᠡ ᠴᠠᢈᠢᠮ ᢈᠡᠯᠪᠡᠷᠢ ᠳ᠋ᠦ ᠰᠢᠯᠵᠢᢉᠰᠡᠨ ᠴᠤ ᠢᠷᢉᠡᠳ ᠦ᠋ᠨ ᠮᠡᠳᠡᢉᠡᠯᠡᠯ ᠠᠪᠬᠤ ᠪᠣᠯᠤᠮᠵᠢ ᢈᠢᠵᠠᠭᠠᠷᠯᠠᠭᠳᠠᠮᠠᠯ ᠪᠠᠶᠢᠭᠠ ᠠ᠋ᠴᠠ ᠦᠢᠯᠡᠴᠢᠯᠡᢉᠡᠨ ᠦ᠋ ᠲᠠᠯᠠᠭᠠᠷ ᠮᠡᠳᠡᠯᢉᠡ᠂ ᠣᠶᠢᠯᠠᠭᠠᠯᠲᠠ ᠪᠠᠭᠠ ᠪᠠᠶᠢᠭᠠ ᠨᠢ ᠠᠩᠵᠠᠭᠠᠷᠠᠭᠳᠠᠵᠤ ᠪᠠᠶᠢᠨᠠ᠃
ᠡᢉᠦᠨ ᠲᠡᠢ ᠬᠣᠯᠪᠤᠭᠠ ᠲᠠᠢ ᠪᠠᠷ ᠥᠨᠦᠳᠦᠷ /᠒᠐᠒᠕᠂᠐᠕᠂᠐᠕/ “ᠢ-ᠮᠣᠩᠭᠤᠯ ᠠᠻᠠᠳ᠋ᠧᠮᠢ” ᠤᠲᠤᠭ ᠪᠣᠯᠤᠨ ᠬᠠᠤᠯᠢ ᠵᠦᠢ ᠶ᠋ᠢᠨ ᠲᠤᠰᠠᠯᠠᠯᠴᠠᠭᠠᠨ ᠤ᠋ ᠲᠥᠪ ᠬᠠᠮᠲᠤᠷᠠᠨ ᠴᠠᢈᠢᠮᠵᠢᠭᠰᠠᠨ ᠦᠢᠯᠡᠴᠢᠯᠡᢉᠡ᠂ᠬᠠᠤᠯᠢ ᠵᠦᠢ ᠶ᠋ᠢᠨ ᠲᠤᠰᠠᠯᠠᠯᠴᠠᠭᠠ ᠶ᠋ᠢ ᠢᠷᢉᠡᠳ ᠲᠦ ᠢᠯᠡᢉᠦᠦ ᢈᠦᠷᠲᠡᢉᠡᠮᠵᠢᠲᠡᠢ᠂ ᠮᠡᠳᠡᢉᠡᠯᠡᠯ ᠠᠪᠬᠤ ᠪᠣᠯᠤᠮᠵᠢ ᠶ᠋ᠢ ᠥᠷᢉᠡᠨ ᢈᠦᠷᠢᠶᠡᠨ ᠳ᠋ᠦ ᢈᠦᠷᢈᠡᢈᠦ ᠴᠢᢉᠯᠡᠯ ᠢ᠋ᠶᠡᠷ ᠬᠠᠮᠲᠤᠷᠠᠭᠰᠠᠨ ᠠᠭᠤᠯᠵᠠᠯᠲᠠ ᠶ᠋ᠢ ᠵᠣᢈᠢᠶᠠᠨ ᠪᠠᠶᠢᠭᠤᠯᠤᠯᠠ᠃
ᠠᠭᠤᠯᠵᠠᠯᠲᠠ ᠳ᠋ᠤ “ᠢ-ᠮᠣᠩᠭᠤᠯ ᠠᠻᠠᠳ᠋ᠧᠮᠢ” ᠤᠲᠤᠭ- ᠤ᠋ᠨ ᠰᠤᠷᠭᠠᠯᠲᠠ᠂ ᠣᠯᠠᠨ ᠨᠡᠶᠢᠲᠡ ᠲᠡᠢ ᠬᠠᠷᠢᠯᠴᠠᠬᠤ ᠭᠠᠵᠠᠷ ᠤ᠋ᠨ ᠳᠠᠷᠤᠭᠠ ᠨᠠ᠃ ᠲᠥᠷᠦᠪᠠᠲᠤ᠂ ᠮᠠᠷᠻᠧᠲ᠋ᠢᠩ ᠤ᠋ᠨ ᢈᠡᠯᠲᠡᠰ ᠦ᠋ᠨ ᠳᠠᠷᠤᠭᠠ ᠪᠠ᠂ ᠮᠥᠩᢈᠡᠲᠤᠯᠭᠠ᠂ ᠬᠠᠤᠯᠢ ᠵᠦᠢ ᠶ᠋ᠢᠨ ᠲᠤᠰᠠᠯᠠᠯᠴᠠᠭᠠᠨ ᠤ᠋ ᠲᠥᠪ ᠦ᠋ᠨ ᠰᠤᠷᠭᠠᠯᠲᠠ᠂ ᠰᠤᠷᠲᠠᠯᠴᠢᠯᠠᠭᠠ᠂ ᠣᠯᠠᠨ ᠨᠡᠶᠢᠲᠡ ᠲᠡᠢ ᠬᠠᠷᠢᠯᠴᠠᠬᠤ ᢈᠡᠯᠲᠡᠰ ᠦ᠋ᠨ ᠳᠠᠷᠤᠭᠠ ᠯᠠ᠃ ᠪᠠᠲᠤᠴᠢᠮᠡᢉ ᠪᠣᠯᠤᠨ ᠬᠣᠯᠪᠤᠭᠳᠠᠬᠤ ᠮᠡᠷᢉᠡᠵᠢᠯᠲᠡᠨ ᠨᠦ᠋ᢉᠦᠳ ᠣᠷᠤᠯᠴᠠᠪᠠ᠃
“ᠢᠷᢉᠡᠳ ᠲᠥᠷᠦ ᠶ᠋ᠢᠨ ᠴᠠᢈᠢᠮ ᠦᠢᠯᠡᠴᠢᠯᠡᢉᠡ ᠪᠣᠯᠤᠨ ᠬᠠᠤᠯᠢ ᠵᠦᠢ ᠶ᠋ᠢᠨ ᠲᠤᠰᠠᠯᠠᠯᠴᠠᠭᠠ ᠶ᠋ᠢ ᠠᠪᠬᠤ ᠳ᠋ᠤ ᠶᠠᠮᠪᠠᠷ ᠴᠤ ᠰᠠᠭᠠᠳ ᠦᢉᠡᠢ᠂ ᢈᠦᠷᠲᠡᢉᠡᠮᠵᠢᠲᠡᠢ ᠪᠠᠶᠢᠬᠤ ᠶᠣᠰᠤᠲᠠᠢ᠃ ᠡᠨᠡ ᠴᠢᢉᠯᠡᠯ ᠳ᠋ᠦ ᠪᠢᠳᠡ ᠬᠠᠮᠲᠤ ᠶ᠋ᠢᠨ ᠠᠵᠢᠯᠯᠠᠭᠠ ᠪᠠᠨ ᠡᠷᠴᠢᠮᠵᠢᢉᠦᠯᠦᠨᠡ” ᢈᠡᠮᠡᠨ “ᠢ-ᠮᠣᠩᠭᠤᠯ ᠠᠻᠠᠳ᠋ᠧᠮᠢ” ᠤᠲᠤᠭ- ᠤ᠋ᠨ ᠰᠤᠷᠭᠠᠯᠲᠠ᠂ ᠣᠯᠠᠨ ᠨᠡᠶᠢᠲᠡ ᠲᠡᠢ ᠬᠠᠷᠢᠯᠴᠠᠬᠤ ᠭᠠᠵᠠᠷ ᠤ᠋ᠨ ᠳᠠᠷᠤᠭᠠ ᠨᠠ᠂ᠲᠥᠷᠦᠪᠠᠲᠤ ᠣᠨᠴᠠᠯᠠᠯᠠ᠃
ᠬᠠᠤᠯᠢ ᠵᠦᠢ ᠶ᠋ᠢᠨ ᠲᠤᠰᠠᠯᠠᠯᠴᠠᠭᠠᠨ ᠤ᠋ ᠲᠥᠪ ᠦ᠋ᠨ ᠰᠤᠷᠭᠠᠯᠲᠠ᠂ ᠰᠤᠷᠲᠠᠯᠴᠢᠯᠠᠭᠠ᠂ ᠣᠯᠠᠨ ᠨᠡᠶᠢᠲᠡ ᠲᠡᠢ ᠬᠠᠷᠢᠯᠴᠠᠬᠤ ᢈᠡᠯᠲᠡᠰ ᠦ᠋ᠨ ᠳᠠᠷᠤᠭᠠ ᠯᠠ᠃ ᠪᠠᠲᠤᠴᠢᠮᠡᢉ: “ᠮᠠᠨ ᠤ᠋ ᠲᠥᠪ ᠒᠐᠒᠕ ᠣᠨ ᠤ᠋ ᠡᢈᠢᠨ ᠦ᠋ ᠤᠯᠠᠷᠢᠯ ᠳ᠋ᠤ ᠒᠖᠙᠒ ᠢᠷᢉᠡᠨ ᠳ᠋ᠦ ᠬᠠᠤᠯᠢ ᠵᠦᠢ ᠶ᠋ᠢᠨ ᠵᠥᠪᠯᠡᢉᠡ ᠥᢉᠴᠦ᠂ ᠑᠑᠔᠗ ᠢᠷᢉᠡᠨ ᠳ᠋ᠦ ᠥᠮᠦᢉᠡᠯᠡᠯ ᠦ᠋ᠨ ᠦᠢᠯᠡᠴᠢᠯᠡᢉᠡ ᠦᠨᠡ ᠲᠥᠯᠦᠪᠦᠷᠢ ᠦᢉᠡᠢ ᠦᠵᠡᢉᠦᠯᠦᢉᠰᠡᠨ᠃ ᢉᠡᠰᠡᠨ ᠴᠤ ᠢᠷᢉᠡᠳ ᠡᠨᠡ ᠪᠣᠯᠤᠮᠵᠢ ᠶ᠋ᠢ ᠪᠦᠷᠢᠨ ᠮᠡᠳᠡᠳᠡᢉ ᠦᢉᠡᠢ᠃ ᠲᠡᠶᠢᠮᠦ ᠡᠴᠡ ᠪᠢᠳᠡ ᠮᠡᠳᠡᢉᠡᠯᠡᠯ ᠢ᠋ ᠢᠯᠡᢉᠦᠦ ᢈᠦᠷᠲᠡᢉᠡᠮᠵᠢ ᠲᠡᠢ ᠪᠣᠯᠭᠠᠬᠤ ᠳ᠋ᠤ ᠠᠩᠬᠠᠷᠤᠨᠠ” ᢉᠡᠪᠡ᠃
ᠲᠤᠰ ᠲᠥᠪ ᠨᠢ ᠨᠡᠶᠢᠰᠯᠡᠯ ᠦ᠋ᠨ ᠘ ᠳᠡᢉᠦᠷᢉᠡ᠂ ᠒᠑ ᠠᠶᠢᠮᠠᠭ᠂ ᢈᠦᠮᠦᠨ ᠠᠮᠠ ᠶᠡᢈᠡ ᠪᠡᠷ ᠲᠥᠪᠯᠡᠷᠡᢉᠰᠡᠨ ᠘ ᠰᠠᠯᠪᠤᠷᠢ ᠳ᠋ᠤ ᠨᠡᠶᠢᠲᠡ ᠓᠗ ᠰᠠᠯᠪᠤᠷᠢ ᠪᠠᠷ ᠳᠠᠮᠵᠢᠭᠤᠯᠤᠨ ᠬᠠᠤᠯᠢ ᠵᠦᠢ ᠶ᠋ᠢᠨ ᠵᠥᠪᠯᠡᢉᠡ᠂ ᠥᠮᠦᢉᠡᠯᠡᠯ ᠦ᠋ᠨ ᠦᠢᠯᠡᠴᠢᠯᠡᢉᠡ᠂ ᠡᠷᢈᠡ ᠵᠦᠢ ᠶ᠋ᠢᠨ ᠮᠡᠳᠡᢉᠡᠯᠡᠯ ᠢ᠋ ᠲᠥᠯᠦᠪᠦᠷᠢ ᠶ᠋ᠢᠨ ᠴᠢᠳᠠᠪᠤᠷᠢ ᠦᢉᠡᠢ ᠢᠷᢉᠡᠳ ᠲᠦ ᠦᠨᠡ ᠲᠥᠯᠦᠪᠦᠷᠢ ᠦᢉᠡᠢ ᢈᠦᠷᢈᠡᠳᠡᢉ᠃
ᠴᠠᠭᠠᠰᠢᠳᠠ ᠬᠣᠶᠠᠷ ᠪᠠᠶᠢᠭᠤᠯᠤᠯᠭᠠ ᠬᠠᠮᠲᠤᠷᠠᠨ ᠬᠠᠤᠯᠢ ᠵᠦᠢ ᠶ᠋ᠢᠨ ᠮᠡᠳᠡᠯᢉᠡ ᠣᠯᠭᠤᠬᠤ ᠰᠤᠷᠭᠠᠯᠲᠠ᠂ ᠮᠡᠳᠡᢉᠡᠯᠡᠯ ᠢ᠋ ᠥᠷᢉᠡᠨ ᢈᠦᠷᠢᠶᠡᠨ ᠳ᠋ᠦ ᠲᠦᢉᠡᢉᠡᠵᠦ᠂ ᠴᠠᢈᠢᠮᠵᠢᠭᠰᠠᠨ ᠦᠢᠯᠡᠴᠢᠯᠡᢉᠡᠨ ᠦ᠋ ᠲᠠᠯᠠᠭᠠᠷᢈᠢ ᠮᠡᠳᠡᢉᠡᠯᠡᠯ ᠢ᠋ ᠵᠣᠷᠢᠯᠲᠠᠲᠤ ᠪᠦᠯᠦᢉ ᠦ᠋ᠨ ᠢᠷᢉᠡᠳ ᠲᠦ ᠪᠦᢈᠦ ᠰᠤᠪᠠᠭ ᠢ᠋ᠶᠠᠷ ᢈᠦᠷᢈᠡᢈᠦ ᠠᠵᠢᠯ ᠢ᠋ ᠡᠷᠴᠢᠮᠵᠢᢉᠦᠯᢈᠦ ᠪᠡᠷ ᠲᠥᠯᠦᠪᠯᠡᠯᠡ᠃