ᠡᠮᠨᠡᠯᢉᠡ ᠶᠠᠪᠤᠬᠤ ᠦᢉᠡᠢ ᠪᠡᠷ ᢈᠡᠦᢈᠡᠳ ᠦ᠋ᠨ ᠢ᠋ᠶᠡᠨ ᠸᠠᠻᠼᠢᠨ᠋ ᠤ᠋ ᠲᠡᠦᢈᠡ ᠶ᠋ᠢ ᠰᠢᠯᠭᠠᠵᠤ᠂ ᠳᠠᠷᠠᠭ᠎ᠠ ᠶ᠋ᠢᠨ ᠲᠣᠪ ᠢ᠋ ᠴᠠᠭ ᠠᠯᠳᠠᠯ ᠦᢉᠡᠢ ᠮᠡᠳᠡᠵᠦ ᠠᠪᠤᠭᠠᠷᠠᠢ


ᠡᠴᠢᢉᠡ ᠡᢈᠡᠴᠦᠳ ᠲᠠ ᠪᠦᢈᠦᠨ ᠵᠠᠪᠠᠯ ᠡᠮᠨᠡᠯᢉᠡ ᠳ᠋ᠦ ᠪᠡᠶᠡᠴᠢᠯᠡᠨ ᠣᠴᠢᠬᠤ ᠱᠠᠭᠠᠷᠳᠠᠯᠭ᠎ᠠ ᠦᢉᠡᠢ ᠪᠡᠷ ᠲᠥᠷᠦ ᠶ᠋ᠢᠨ ᠦᠶᠢᠯᠡᠴᠢᠯᠡᢉᠡᠨ ᠦ᠋ ᠨᠢᢉᠡᠳᠦᢉᠰᠡᠨ E-Mongolia ᠰᠢᠰᠲ᠋ᠧᠮ ᠡᠴᠡ ᢈᠡᠦᢈᠡᠳ ᠦ᠋ᠨ ᠢ᠋ᠶᠡᠨ ᠳᠠᠷᠬᠠᠯᠠᠭᠠᠵᠢᠭᠤᠯᠤᠯᠲᠠ ᠶ᠋ᠢᠨ ᠮᠡᠳᠡᢉᠡᠯᠡᠯ ᠢ᠋ ᢈᠡᠵᠢᠶ᠎ᠡ ᠴᠤ᠂ ᠬᠠᠮᠢᠭ᠎ᠠ ᠠ᠋ᠴᠠ ᠴᠤ᠂ ᠒᠔/᠗ ᠴᠠᢈᠢᠮ ᠢ᠋ᠶᠠᠷ ᢈᠢᠯᠪᠠᠷᠬᠠᠨ ᠠᠪᠤᠭᠠᠷᠠᠢ᠃

ᢈᠡᠦᢈᠡᠳ ᠦ᠋ᠨ ᠢ᠋ᠶᠡᠨ ᠳᠠᠷᠬᠠᠯᠠᠭᠠᠵᠢᠭᠤᠯᠤᠯᠲᠠ ᠶ᠋ᠢᠨ ᠮᠡᠳᠡᢉᠡᠯᠡᠯ ᠢ᠋ ᠴᠠᢈᠢᠮ ᠢ᠋ᠶᠠᠷ ᠠᠪᠤᠭᠰᠠᠨ ᠢ᠋ᠶᠠᠷ:

  • ᠴᠠᠭ ᠵᠠᠪ ᢈᠡᠮᠨᠡᠨ᠎ᠡ: ᠡᠮᠨᠡᠯᢉᠡ᠂ ᠡᠷᠦᢈᠡ ᠶ᠋ᠢᠨ ᠡᠷᠡᢉᠦᠯ ᠮᠡᠨᠳᠦ ᠶ᠋ᠢᠨ ᠲᠥᠪ ᠲᠦ ᠪᠡᠶᠡᠴᠢᠯᠡᠨ ᠣᠴᠢᠬᠤ ᠱᠠᠭᠠᠷᠳᠠᠯᠭ᠎ᠠ ᠦᢉᠡᠢ ᠪᠣᠯᠵᠤ᠂ ᠲᠠᠨ ᠤ᠋ ᠠᠵᠢᠯ ᠤ᠋ᠨ ᠠᠴᠢᠶᠠᠯᠠᠯ ᠢ᠋ ᠪᠠᠭᠤᠷᠠᠭᠤᠯᠤᠨ᠎ᠠ᠃
  • ᠸᠠᠻᠼᠢᠨ ᠤ᠋ ᠬᠤᠭᠤᠴᠠᠭ᠎ᠠ ᠶ᠋ᠢ ᠰᠠᠨᠠᠭᠤᠯᠤᠨ᠎ᠠ: ᠵᠠᠪ ᠦᢉᠡᠢ ᠠᠮᠢᠳᠤᠷᠠᠯ ᠤ᠋ᠨ ᠬᠠᠵᠠᠭᠤ ᠪᠠᠷ ᠵᠠᠷᠢᠮᠳᠠᠭᠠᠨ ᢈᠡᠦᢈᠡᠳ ᠦ᠋ᠨ ᠢ᠋ᠶᠡᠨ ᠸᠠᠻᠼᠢᠨ᠋ ᠢ᠋ ᢈᠢᠯᢉᠡᢈᠦ ᠪᠡᠨ ᠮᠠᠷᠲᠠᠬᠤ ᠲᠣᢈᠢᠶᠠᠯᠳᠤᠯ ᠪᠠᠭ᠎ᠠ ᠦᢉᠡᠢ ᠭᠠᠷᠳᠠᠭ ᠪᠠᠶᠢᠬᠤ ᠲᠡᢉᠡᠪᠡᠯ ᠣᠳᠤ ᠰᠠᠨᠠᠭ᠎ᠠ ᠵᠣᠪᠠᠬᠤ ᢈᠡᠷᠡᢉ ᠦᢉᠡᠢ᠃  ᢈᠡᠦᢈᠡᠳ ᠦ᠋ᠨ ᠳᠠᠷᠬᠠᠯᠠᠭᠠᠵᠢᠭᠤᠯᠤᠯᠲᠠ ᠶ᠋ᠢᠨ ᠳᠠᠷᠠᠭ᠎ᠠ ᠶ᠋ᠢᠨ ᠲᠤᠩ ᠳᠥᢈᠦᢈᠦ ᠳ᠋ᠦ ᠲᠠᠨ ᠳ᠋ᠤ ᠴᠠᢈᠢᠮ ᠰᠠᠨᠠᠭᠤᠯᠭ᠎ᠠ ᠢᠯᠡᢉᠡᢉᠳᠡᠵᠦ᠂ ᠲᠣᠪᠤᠭ᠎ᠠ ᠮᠠᠷᠲᠠᠬᠤ ᠦᢉᠡᠢ᠃
  • ᠮᠡᠳᠡᢉᠡᠯᠡᠯ ᠢ᠋ᠶᠡᠨ ᠳᠡᠯᢉᠡᠷᠡᠩᢉᠦᠢ ᢈᠢᠨᠠᠬᠤ ᠪᠣᠯᠤᠮᠵᠢ: ᢈᠡᠦᢈᠡᠳ ᠦ᠋ᠨ ᢈᠢᠯᢉᠡᢉᠰᠡᠨ ᠸᠠᠻᠼᠢᠨ᠋ ᠤ᠋ ᠨᠡᠷ᠎ᠡ ᠲᠥᠷᠦᠯ᠂ ᠣᠩᠨᠠᠭ᠎ᠠ᠂ ᠲᠤᠩ ᠤ᠋ᠨ ᠮᠡᠳᠡᢉᠡᠯᠡᠯ ᠢ᠋ ᠠᠯᠪᠠᠨ ᠶᠣᠰᠤᠨ ᠤ᠋ ᠡᢈᠡ ᠰᠤᠷᠪᠤᠯᠵᠢ ᠠ᠋ᠴᠠ ᠠᠪᠴᠤ᠂ ᠳᠡᠯᢉᠡᠷᠡᠩᢉᠦᠢ ᠬᠠᠷᠠᠬᠤ ᠪᠣᠯᠤᠮᠵᠢ ᠲᠠᠢ᠃
  • ᠠᠯᠳᠠᠭ᠎ᠠ ᠭᠠᠷᠬᠤ ᠡᠷᠦᠰᠳᠡᠯ ᠦᢉᠡᠢ: ᠴᠠᠭᠠᠰᠤᠨ ᠳᠡᢉᠡᠷ᠎ᠡ ᠪᠢᠴᠢᠵᠦ ᠲᠡᠮᠳᠡᢉᠯᠡᢉᠰᠡᠨ ᠢ᠋ᠶᠡᠨ ᠬᠠᠶᠠᠬᠤ ᢉᠡᢉᠡᢈᠦ᠂ ᠪᠤᠷᠤᠭᠤ ᠮᠡᠳᠡᢉᠡᠯᠡᠯ ᠠᠪᠬᠤ ᠡᠷᠦᠰᠳᠡᠯ ᠦᢉᠡᠢ ᠪᠣᠯᠵᠤ᠂ ᠴᠠᢈᠢᠮ ᢈᠡᠯᠪᠡᠷᠢ ᠪᠡᠷ ᠪᠠᠲᠤᠯᠠᠭᠠᠲᠠᠢ ᠮᠡᠳᠡᢉᠡᠯᠡᠯ ᠠᠪᠤᠨ᠎ᠠ᠃
  • ᠲᠠᠲᠠᠬᠤ᠂ ᠢᠯᠡᢉᠡᢈᠦ ᠪᠣᠯᠤᠮᠵᠢ ᠲᠠᠢ: ᠸᠠᠻᠼᠢᠨ ᠤ᠋ ᠲᠡᠦᢈᠡᢉᠡ PDF ᢈᠡᠯᠪᠡᠷᠢ ᠪᠡᠷ ᠲᠠᠲᠠᠵᠤ ᠠᠪᠤᠭᠠᠳ᠂ ᠰᠤᠷᠭᠠᠭᠤᠯᠢ᠂ ᠴᠡᠴᠡᠷᠯᠢᢉ ᠲᠦ ᠪᠦᠷᠢᠳᢈᠡᢉᠦᠯᢈᠦ᠂ ᠭᠠᠳᠠᠭᠰᠢ ᠪᠠᠨ ᠵᠣᠷᠴᠢᠬᠤ ᠳ᠋ᠤ ᠢᠯᠡᢉᠡᢈᠦ᠂ ᠬᠠᠷᠠᠬᠤ ᠪᠣᠯᠤᠮᠵᠢ ᠲᠠᠢ᠃

ᢈᠡᠷᢈᠢᠨ ᠠᠪᠬᠤ ᠪᠤᠢ?

  1. E-Mongolia ᠰᠢᠰᠲ᠋ᠧᠮ ᠳ᠋ᠦ ᠪᠦᠷᠢᠳᢈᠡᠯ ᠲᠡᠢ ᠬᠠᠶᠢᠭ ᠢ᠋ᠶᠠᠷ ᠢ᠋ᠶᠠᠨ ᠨᠡᠪᠲᠡᠷᠡᢈᠦ;
  2. ᠦᠨᠳᠦᠰᠦᠨ ᠴᠡᠰᠡ ᠡᠴᠡ “ᠡᠷᠡᢉᠦᠯ ᠮᠡᠨᠳᠦ” ᢈᠡᠰᠡᢉ ᠢ᠋ ᠰᠣᠩᠭᠤᠬᠤ;
  3. ᠳᠠᠷᠬᠠᠯᠠᠭᠠᠵᠢᠭᠤᠯᠤᠯᠲᠠ ᠶ᠋ᠢᠨ ᠮᠡᠳᠡᢉᠡᠯᠡᠯ ᠦᠶᠢᠯᠡᠴᠢᠯᠡᢉᠡ ᠶ᠋ᠢ ᠰᠣᠩᠭᠤᠬᠤ;
  4. ᢈᠡᠦᢈᠡᠳ ᠦ᠋ᠨ ᠢ᠋ᠶᠡᠨ ᠮᠡᠳᠡᢉᠡᠯᠡᠯ ᠢ᠋ ᠳᠡᠯᢉᠡᠷᠡᠩᢉᠦᠢ ᠦᠵᠡᠵᠦ᠂ ᢈᠦᠰᠡᠪᠡᠯ PDF ᠹᠠᠶᠢᠯ ᠢ᠋ᠶᠠᠷ ᠲᠠᠲᠠᠵᠤ ᠠᠪᠬᠤ;

ᠲᠥᠷᠦ ᠶ᠋ᠢᠨ ᠦᠢᠯᠡᠴᠢᠯᠡᢉᠡ ᠶ᠋ᠢ ᠢᠯᠡᢉᠦᠦ ᠰᠢᠭᠤᠷᠬᠠᠢ᠂ ᠢᠯᠡ ᠲᠣᠳᠤ᠂ ᢈᠦᠷᠲᠡᢉᠡᠮᠵᠢ ᠲᠡᠢ ᠪᠣᠯᠭᠠᠬᠤ ᠵᠣᠷᠢᠯᠲᠠ ᠶ᠋ᠢᠨ ᢈᠦᠷᠢᠶ ᠡᠨ ᠳ᠋ᠦ E-Mongolia ᠰᠢᠰᠲ᠋ᠧᠮ ᠲᠠᠰᠤᠷᠠᠯᠲᠠ ᠦᢉᠡᠢ ᠰᠢᠨᠡᠴᠢᠯᠡᢉᠳᠡᠵᠦ ᠪᠠᠶᠢᠨ᠎ᠠ᠃

ᠴᠠᢈᠢᠮ ᠢ᠋ᠶᠠᠷ ᠰᠢᠢᠳᠴᠦ᠂ ᠴᠠᠭ ᠢ᠋ᠶᠠᠨ ᢈᠡᠮᠨᠡᠶ᠎ᠡ! ᠵᠢᠴᠢ: ᠒᠐᠑᠘ ᠣᠨ ᠠ᠋ᠴᠠ ᠬᠣᠶᠢᠰᠢᢈᠢ ᠳᠠᠷᠬᠠᠯᠠᠭᠠᠵᠢᠭᠤᠯᠤᠯᠲᠠ ᠶ᠋ᠢᠨ ᠮᠡᠳᠡᢉᠡᠯᠡᠯ ᠢ᠋ ᠠᠪᠬᠤ ᠪᠣᠯᠤᠮᠵᠢ ᠲᠠᠢ ᠪᠥᢉᠡᠳ ᢈᠡᠷᠪᠡ ᢈᠡᠦᢈᠡᠳ ᠦ᠋ᠨ ᠮᠡᠳᠡᢉᠡᠯᠡᠯ ᠵᠥᠷᠢᢉᠦᠦ ᠲᠡᠢ ᠪᠣᠯ ᠦᠶᠢᠯᠡᠴᠢᠯᠡᢉᠡ ᠠᠪᠤᠭᠰᠠᠨ ᠬᠠᠷᠢᠶ᠎ᠠ ᠡᠷᠡᢉᠦᠯ ᠮᠡᠨᠳᠦ ᠶ᠋ᠢᠨ ᠪᠠᠶᠢᠭᠤᠯᠤᠯᠭ᠎ᠠ ᠳ᠋ᠤ ᠪᠠᠨ ᠬᠠᠨᠳᠤᠬᠤ ᠶ᠋ᠢ ᠠᠩᠬᠠᠷᠤᠨ᠎ᠠ ᠤᠤ᠃

ᠨᠡᠶᠢᠲᠡᠯᠡᠭᠰᠡᠨ᠄