“ᠢ-ᠮᠣᠩᠭᠤᠯ ᠠᠻᠠᠳ᠋ᠧᠮᠢ” ᠤᠲᠤᠭ᠂ ᠵᠠᠮ᠂ ᠲᠡᢉᠡᢉᠡᠪᠦᠷᠢ ᠶ᠋ᠢᠨ ᠶᠠᠮᠤᠨ ᠬᠠᠮᠲᠤᠷᠠᠨ ᠲᠥᠷᠦ ᠶ᠋ᠢᠨ ᠦᠢᠯᠡᠴᠢᠯᠡᢉᠡ ᠶ᠋ᠢ ᠴᠠᢈᠢᠮᠵᠢᠭᠤᠯᠤᠭᠰᠠᠭᠠᠷ ᠪᠠᠶᠢᠨ᠎ᠠ


ᠲᠥᠷᠦ ᠶ᠋ᠢᠨ ᠦᠶᠢᠯᠡᠴᠢᠯᠡᢉᠡᠨ ᠦ᠋ ᠨᠢᢉᠡᠳᠦᢉᠰᠡᠨ E-Mongolia ᠪᠣᠯᠤᠨ E-Business ᠰᠢᠰᠲ᠋ᠧᠮ ᠨᠢ ᠵᠠᠮ᠂ ᠲᠡᢉᠡᢉᠡᠪᠦᠷᠢ ᠶ᠋ᠢᠨ ᠶᠠᠮᠤᠨ ᠪᠣᠯᠤᠨ ᠲᠡᢉᠦᠨ ᠦ᠋ ᠬᠠᠷᠢᠶ᠎ᠠ ᠪᠠᠶᠢᠭᠤᠯᠤᠯᠭ᠎ᠠ ᠨᠤᠭᠤᠳ ᠤ᠋ᠨ ᠨᠡᠶᠢᠲᠡ ᠒᠗ ᠦᠢᠯᠡᠴᠢᠯᠡᢉᠡ ᠶ᠋ᠢ ᠴᠠᢈᠢᠮ ᠢ᠋ᠶᠠᠷ ᠦᠵᠡᢉᠦᠯᠵᠦ ᠪᠠᠶᠢᠨ᠎ᠠ᠃ ᠢᠷᢉᠡᠳ ᠦ᠋ᠨ ᠬᠤᠪᠢ ᠳ᠋ᠤ ᠲᠥᠷᠦ ᠶ᠋ᠢᠨ ᠦᠢᠯᠡᠴᠢᠯᠡᢉᠡ ᠶ᠋ᠢ ᠴᠠᠭ ᠵᠠᠪ ᠢ᠋ᠶᠠᠨ ᢈᠡᠮᠨᠡᠨ ᠴᠠᢈᠢᠮ ᠢ᠋ᠶᠠᠷ ᠳᠣᠣᠷ᠎ᠠ ᠳᠤᠷᠠᠳᠤᠭᠰᠠᠨ ᠦᠢᠯᠡᠴᠢᠯᠡᢉᠡ ᠨᠦ᠋ᢉᠦᠳ ᠢ᠋ ᠠᠪᠬᠤ ᠪᠣᠯᠤᠮᠵᠢ ᠲᠠᠢ ᠶᠤᠮ᠃

ᠦᠶᠢᠯᠡᠴᠢᠯᠡᢉᠡᠨ ᠦ᠋ ᠨᠡᠷ᠎ᠡ
ᠣᠯᠠᠨ ᠤᠯᠤᠰ᠂ ᠤᠯᠤᠰ ᠤ᠋ᠨ ᠴᠢᠨᠠᠷᠲᠠᠢ ᠪᠣᠯᠤᠨ ᠲᠤᠰᠬᠠᠢ ᠵᠣᠷᠢᠭᠤᠯᠤᠯᠲᠠ ᠶ᠋ᠢᠨ ᠠᠦ᠋ᠲ᠋ᠣ᠋ ᠵᠠᠮ᠂ ᠵᠠᠮ ᠤ᠋ᠨ ᠪᠠᠶᠢᠭᠤᠯᠤᠮᠵᠢ ᠠᠰᠢᠭᠯᠠᠭᠰᠠᠨ ᠤ᠋ ᠲᠥᠯᠦᠪᠦᠷᠢ ᠡᠴᠡ ᠴᠢᠯᠦᢉᠡᠯᠡᢉᠳᠡᢈᠦ ᢈᠦᠰᠡᠯᠲᠡ ᠭᠠᠷᠭᠠᠬᠤ(ᠢᠷᢉᠡᠨ)
ᠬᠣᠲᠠ ᠬᠣᠭᠤᠷᠤᠨᠳᠤ ᠶ᠋ᠢᠨ ᠠᠦᠲ᠋ᠤ ᠵᠠᠮ ᠤ᠋ᠨ ᠬᠤᠷᠢᠶᠠᠮᠵᠢ ᠲᠥᠯᠦᢈᠦ
ᠣᠯᠠᠨ ᠤᠯᠤᠰ᠂ ᠤᠯᠤᠰ ᠤ᠋ᠨ ᠴᠢᠨᠠᠷᠲᠠᠢ ᠪᠣᠯᠤᠨ ᠲᠤᠰᠬᠠᠢ ᠵᠣᠷᠢᠭᠤᠯᠤᠯᠲᠠ ᠶ᠋ᠢᠨ ᠠᠦ᠋ᠲ᠋ᠣ᠋ ᠵᠠᠮ᠂ ᠵᠠᠮ ᠤ᠋ᠨ ᠪᠠᠶᠢᠭᠤᠯᠤᠮᠵᠢ ᠠᠰᠢᠭᠯᠠᠭᠰᠠᠨ ᠤ᠋ ᠲᠥᠯᠦᠪᠦᠷᠢ ᠡᠴᠡ ᠴᠢᠯᠦᢉᠡᠯᠡᢉᠳᠡᢈᠦ ᢈᠦᠰᠡᠯᠲᠡ ᠭᠠᠷᠭᠠᠬᠤ(ᠢᠷᢉᠡᠨ)
ᠠᠦ᠋ᠲ᠋ᠣ᠋ ᠲᠡᢉᠡᢉᠡᠪᠦᠷᠢ ᠶ᠋ᠢᠨ ᢈᠡᠷᠡᢉᠰᠡᠯ ᠦ᠋ᠨ ᢉᠡᠷᠡᠴᠢᠯᠡᢉᠡ ᠰᠣᠯᠢᠬᠤ ᢈᠦᠰᠡᠯᠲᠡ
ᠠᠦᠲ᠋ᠤ ᠲᠡᢉᠡᢉᠡᠪᠦᠷᠢ ᠶ᠋ᠢᠨ ᢈᠡᠷᠡᢉᠰᠡᠯ ᠦ᠋ᠨ ᢉᠡᠷᠡᠴᠢᠯᠡᢉᠡ ᠨᠥᢈᠦᠨ ᠣᠯᠭᠠᠬᠤ ᢈᠦᠰᠡᠯᠲᠡ
ᠠᠦ᠋ᠲ᠋ᠣ᠋ ᠲᠡᢉᠡᢉᠡᠪᠦᠷᠢ ᠶ᠋ᠢᠨ ᢈᠡᠷᠡᢉᠰᠡᠯ ᠦ᠋ᠨ ᠤᠯᠤᠰ ᠤ᠋ᠨ ᠪᠦᠷᠢᠳᢈᠡᠯ ᠦ᠋ᠨ ᠯᠠᠪᠯᠠᠭ᠎ᠠ
ᠠᠦ᠋ᠲ᠋ᠣ᠋ ᠲᠡᢉᠡᢉᠡᠪᠦᠷᠢ ᠶ᠋ᠢᠨ ᢈᠡᠷᠡᢉᠰᠡᠯ ᠦ᠋ᠨ ᠲᠣᠷᠭᠠᠭᠤᠯᠢ ᠶ᠋ᠢᠨ ᠮᠡᠳᠡᢉᠡᠯᠡᠯ
ᠠᠦ᠋ᠲ᠋ᠣ᠋ ᠲᠡᢉᠡᢉᠡᠪᠦᠷᠢ ᠶ᠋ᠢᠨ ᢈᠡᠷᠡᢉᠰᠡᠯ ᠢ᠋ ᠤᠯᠤᠰ ᠤ᠋ᠨ ᠪᠦᠷᠢᠳᢈᠡᠯ ᠡᠴᠡ ᠬᠠᠰᠤᠭᠤᠯᠬᠤ
ᠠᠦᠲ᠋ᠤ ᠲᠡᢉᠡᢉᠡᠪᠦᠷᠢ ᠶ᠋ᠢᠨ ᢈᠡᠷᠡᢉᠰᠡᠯ ᠦ᠋ᠨ ᠴᠠᢈᠢᠮ ᢉᠡᠷᠡᠴᠢᠯᠡᢉᠡᠨ ᠦ᠋ ᠯᠠᠪᠯᠠᠭ᠎ᠠ
ᠠᠦᠲ᠋ᠤ ᠲᠡᢉᠡᢉᠡᠪᠦᠷᠢ ᠶ᠋ᠢᠨ ᢈᠡᠷᠡᢉᠰᠡᠯ ᠦ᠋ᠨ ᠴᠠᢈᠢᠮ ᢉᠡᠷᠡᠴᠢᠯᠡᢉᠡᠨ ᠦ᠋ ᠯᠠᠪᠯᠠᠭ᠎ᠠ /ᠠᠨ/
ᠠᠦᠲ᠋ᠤ ᠲᠡᢉᠡᢉᠡᠪᠦᠷᠢ ᠶ᠋ᠢᠨ ᢈᠡᠷᠡᢉᠰᠡᠯ ᠡᠵᠡᠮᠰᠢᢈᠦ᠂ ᠥᠮᠴᠢᠯᠡᢈᠦ ᠡᠷᢈᠡ ᠶ᠋ᠢᠨ ᠯᠠᠪᠯᠠᠭ᠎ᠠ (ᠠᠨ ᠣᠳᠤ ᠡᠵᠡᠮᠰᠢᠵᠦ ᠪᠠᠶᠢᠭ᠎ᠠ)
ᠠᠦᠲ᠋ᠤ ᠲᠡᢉᠡᢉᠡᠪᠦᠷᠢ ᠶ᠋ᠢᠨ ᢈᠡᠷᠡᢉᠰᠡᠯ ᠡᠵᠡᠮᠰᠢᢈᠦ᠂ ᠥᠮᠴᠢᠯᠡᢈᠦ ᠡᠷᢈᠡ ᠶ᠋ᠢᠨ ᠯᠠᠪᠯᠠᠭ᠎ᠠ (ᠠᠨ ᠡᠮᠦᠨ᠎ᠡ ᠥᠮᠴᠢᠯᠡᠵᠦ ᠪᠠᠶᠢᠭᠰᠠᠨ)
ᠠᠦᠲ᠋ᠤ ᠲᠡᢉᠡᢉᠡᠪᠦᠷᠢ ᠶ᠋ᠢᠨ ᢈᠡᠷᠡᢉᠰᠡᠯ ᠡᠵᠡᠮᠰᠢᢈᠦ᠂ ᠥᠮᠴᠢᠯᠡᢈᠦ ᠡᠷᢈᠡ ᠶ᠋ᠢᠨ ᠯᠠᠪᠯᠠᠭ᠎ᠠ (ᠢᠷᢉᠡᠨ ᠣᠳᠤ ᠡᠵᠡᠮᠰᠢᠵᠦ ᠪᠠᠶᠢᠭ᠎ᠠ)
ᠠᠦᠲ᠋ᠤ ᠲᠡᢉᠡᢉᠡᠪᠦᠷᠢ ᠶ᠋ᠢᠨ ᢈᠡᠷᠡᢉᠰᠡᠯ ᠡᠵᠡᠮᠰᠢᢈᠦ᠂ ᠥᠮᠴᠢᠯᠡᢈᠦ ᠡᠷᢈᠡ ᠶ᠋ᠢᠨ ᠯᠠᠪᠯᠠᠭ᠎ᠠ (ᠢᠷᢉᠡᠨ ᠡᠮᠦᠨ᠎ᠡ ᠥᠮᠴᠢᠯᠡᠵᠦ ᠪᠠᠶᠢᠭᠰᠠᠨ)
ᠮᠡᠷᢉᠡᠰᠢᢉᠰᠡᠨ ᠵᠢᠯᠤᠭᠤᠴᠢ ᠶ᠋ᠢᠨ ᠦᠨᠡᠮᠯᠡᢈᠦ ᠶ᠋ᠢᠨ ᠯᠠᠪᠯᠠᠭ᠎ᠠ
ᠮᠡᠷᢉᠡᠰᠢᢉᠰᠡᠨ ᠵᠢᠯᠤᠭᠤ ᠶ᠋ᠢᠨ ᠦᠨᠡᠮᠯᠡᢈᠦ ᠶ᠋ᠢᠨ ᠰᠤᠩᠭᠠᠯᠲᠠ ᠶ᠋ᠢᠨ ᢈᠦᠰᠡᠯᠲᠡ ᢈᠦᠯᠢᠶᠡᠨ ᠠᠪᠬᠤ  
ᠣᠨᠤᠰᠢᠯᠠᠭ᠎ᠠ᠂ ᠲᠧᢈᠨᠢᢉ ᠦ᠋ᠨ ᢈᠢᠨᠠᠯᠲᠠ ᠶ᠋ᠢᠨ ᠦᠵᠡᠯᢉᠡ ᠶ᠋ᠢᠨ ᠮᠡᠳᠡᢉᠡᠯᠡᠯ ᠬᠠᠷᠠᠬᠤ
ᠢᠷᢉᠡᠨ ᠦ᠋ ᠠᠭᠠᠷ ᠤ᠋ᠨ ᢈᠥᠯᢉᠡ ᠶ᠋ᠢᠨ ᠵᠠᠰᠠᠪᠤᠷᠢ᠂ ᠦᠶᠢᠯᠡᠴᠢᠯᠡᢉᠡ ᠡᠷᢈᠢᠯᠡᢈᠦ
ᠢᠷᢉᠡᠨ ᠦ᠋ ᠠᠭᠠᠷ ᠤ᠋ᠨ ᢈᠥᠯᢉᠡ ᠪᠡᠷ ᠨᠢᠰᠦᠯᢉᠡ ᠶ᠋ᠢᠨ ᠦᠶᠢᠯᠡ ᠠᠵᠢᠯᠯᠠᠭ᠎ᠠ ᠡᠷᢈᠢᠯᠡᢈᠦ
ᠢᠷᢉᠡᠨ ᠦ᠋ ᠨᠢᠰᢈᠦ ᠳ᠋ᠦ ᠠᠰᠢᠭᠯᠠᠬᠤ ᠠᠧᠷᠣᠳ᠋ᠷᠣᠮ᠂ ᠨᠢᠰᢈᠦ ᠪᠠᠭᠤᠳᠠᠯ ᠤ᠋ᠨ ᠦᠶᠢᠯᠡᠴᠢᠯᠡᢉᠡ ᠡᠷᢈᠢᠯᠡᢈᠦ
ᠤᠰᠤᠨ ᠵᠠᠮ ᠤ᠋ᠨ ᠲᠡᢉᠡᢉᠡᠪᠦᠷᠢ ᠶ᠋ᠢᠨ ᢈᠡᠷᠡᢉᠰᠡᠯ ᠦ᠋ᠨ ᠪᠦᠷᠢᠳᢈᠡᠯ ᠡᠴᠡ ᠬᠠᠰᠤᠭᠤᠯᠬᠤ ᠦᠶᠢᠯᠡᠴᠢᠯᠡᢉᠡ
ᠤᠰᠤᠨ ᠵᠠᠮ ᠤ᠋ᠨ ᠲᠡᢉᠡᢉᠡᠪᠦᠷᠢ ᠶ᠋ᠢᠨ ᢈᠡᠷᠡᢉᠰᠡᠯ ᠦ᠋ᠨ ᠲᠣᠭ᠎ᠠ ᠪᠦᠷᠢᠳᢈᠡᠯ ᠳ᠋ᠦ ᠰᠢᠯᠵᠢᠯᠲᠡ ᢈᠥᠳᠡᠯᢉᠡᢉᠡᠨ ᢈᠢᢈᠦ  
ᠬᠣᠲᠠ ᠬᠣᠭᠤᠷᠤᠨᠳᠤ ᠶ᠋ᠢᠨ ᠠᠦᠲ᠋ᠤ ᠵᠠᠮ ᠤ᠋ᠨ ᠬᠤᠷᠢᠶᠠᠮᠵᠢ ᠶ᠋ᠢᠨ ᠮᠡᠳᠡᢉᠳᠡᠯ

“ᠢ-ᠮᠣᠩᠭᠤᠯ ᠠᠻᠠᠳ᠋ᠧᠮᠢ” ᠤᠲᠤᠭ ᠪᠣᠯᠤᠨ ᠵᠠᠮ᠂ ᠲᠡᢉᠡᢉᠡᠪᠦᠷᠢ ᠶ᠋ᠢᠨ ᠶᠠᠮᠤᠨ᠂ ᠬᠠᠷᠢᠶ᠎ᠠ ᠪᠠᠶᠢᠭᠤᠯᠤᠯᠭ᠎ᠠ ᠨᠤᠭᠤᠳ ᠬᠠᠮᠲᠤᠷᠠᠨ ᠴᠠᢈᠢᠮᠵᠢᠭᠰᠠᠨ ᠦᠢᠯᠡᠴᠢᠯᠡᢉᠡᠨ ᠦ᠋ ᠲᠣᠭᠠᠨ ᠦᠵᠡᢉᠦᠯᠦᠯᠲᠡ ᠪᠤᠰᠤ ᠴᠢᠨᠠᠷ᠂ ᢈᠦᠷᠲᠡᢉᠡᠮᠵᠢ ᠶ᠋ᠢ ᠰᠠᠶᠢᠵᠢᠷᠠᠭᠤᠯᠬᠤ ᠳ᠋ᠤ ᠠᠩᠬᠠᠷᠴᠤ ᠠᠵᠢᠯᠯᠠᠵᠤ ᠪᠠᠶᠢᠭ᠎ᠠ ᠪᠥᢉᠡᠳ ᠢᠷᢉᠡᠳ ᠲᠦ ᠲᠥᠷᠦ ᠶ᠋ᠢᠨ ᠦᠢᠯᠡᠴᠢᠯᠡᢉᠡ ᠶ᠋ᠢ ᠢᠯᠡᢉᠦᠦ ᢈᠢᠯᠪᠠᠷ᠂ ᢈᠦᠷᠲᠡᢉᠡᠮᠵᠢᠲᠡᠢ ᠪᠣᠯᠭᠠᠬᠤ ᠴᠠᠭᠠᠰᠢᠯᠠᠭᠠᠳ ᠣᠯᠠᠨ ᠲᠠᠯᠠᠲᠤ ᠰᠤᠪᠠᠭ ᠢ᠋ᠶᠠᠷ ᠢᠷᢉᠡᠳ ᠲᠦ ᠮᠡᠳᠡᢉᠡᠯᠡᠯ ᠢ᠋ ᢈᠦᠷᢈᠡᢈᠦ ᠪᠡᠷ ᠱᠠᠲᠤ ᠳᠠᠷᠠᠭ᠎ᠠ ᠲᠠᠢ ᠠᠭᠤᠯᠵᠠᠯᠲᠠ ᠶ᠋ᠢ ᠵᠣᢈᠢᠶᠠᠨ ᠪᠠᠶᠢᠭᠤᠯᠤᠨ ᠲᠥᠯᠦᠪᠯᠡᢉᠡ ᠭᠠᠷᠭᠠᠨ ᢈᠡᠷᠡᢉᠵᠢᠯᠲᠡ ᠶ᠋ᠢ ᠬᠠᠩᠭᠠᠵᠤ ᠪᠠᠶᠢᠭ᠎ᠠ ᠪᠢᠯᠡ᠃

ᠥᠨᠦᠳᠦᠷ /᠒᠐᠒᠕᠂᠐᠕᠂᠐᠖/  ᠵᠠᠮ᠂ ᠲᠡᢉᠡᢉᠡᠪᠦᠷᠢ ᠶ᠋ᠢᠨ ᠶᠠᠮᠤᠨ᠂ ᠠᠦ᠋ᠲ᠋ᠣ᠋ ᠲᠡᢉᠡᢉᠡᠪᠦᠷᠢ ᠶ᠋ᠢᠨ ᠦᠨᠳᠦᠰᠦᠨ ᠦ᠋ ᠲᠥᠪ ᠪᠣᠯᠤᠨ ᠬᠠᠷᠢᠶ᠎ᠠ ᠪᠠᠶᠢᠭᠤᠯᠤᠯᠭ᠎ᠠ ᠶ᠋ᠢᠨ ᢈᠡᠪᠯᠡᠯ᠂ ᠮᠡᠳᠡᢉᠡᠯᠡᠯ ᠢ᠋ ᠬᠠᠷᠢᠭᠤᠴᠠᠭᠰᠠᠨ ᠮᠡᠷᢉᠡᠵᠢᠯᠲᠡᠨ ᠨᠦ᠋ᢉᠦᠳ ᠲᠡᠢ ᠬᠠᠷᠢᠯᠴᠠᠨ ᠰᠠᠨᠠᠯ ᠰᠣᠯᠢᠯᠴᠠᠵᠤ᠂ ᠲᠣᠳᠤᠷᠬᠠᠢ ᠠᠰᠠᠭᠤᠳᠠᠯ ᠤ᠋ᠨ ᠲᠠᠯ᠎ᠠ ᠪᠠᠷ ᠶᠠᠷᠢᠯᠴᠠᠪᠠ᠃

ᠣᠳᠤ ᠶ᠋ᠢᠨ ᠪᠠᠶᠢᠳᠠᠯ ᠢ᠋ᠶᠠᠷ E-Mongolia ᠰᠢᠰᠲ᠋ᠧᠮ ᠢ᠋ᠶᠡᠷ ᠳᠠᠮᠵᠢᠭᠤᠯᠤᠨ ᠵᠠᠮ᠂ ᠲᠡᢉᠡᢉᠡᠪᠦᠷᠢ ᠶ᠋ᠢᠨ ᠶᠠᠮᠤᠨ ᠲᠡᢉᠦᠨ ᠦ᠋ ᠬᠠᠷᠢᠶ᠎ᠠ ᠪᠠᠶᠢᠭᠤᠯᠤᠯᠭ᠎ᠠ ᠨᠤᠭᠤᠳ ᠠ᠋ᠴᠠ ᠴᠠᢈᠢᠮ ᠢ᠋ᠶᠠᠷ ᠬᠠᠮᠤᠭ ᠤ᠋ᠨ ᠶᠡᢈᠡ ᠠᠪᠤᠭᠰᠠᠨ ᠦᠶᠢᠯᠡᠴᠢᠯᠡᢉᠡ ᠨᠦ᠋ᢉᠦᠳ ᠡᠴᠡ:

  • ᠠᠦ᠋ᠲ᠋ᠣ᠋ ᠲᠡᢉᠡᢉᠡᠪᠦᠷᠢ ᠶ᠋ᠢᠨ ᢈᠡᠷᠡᢉᠰᠡᠯ ᠦ᠋ᠨ ᠲᠣᠷᠭᠠᠭᠤᠯᠢ ᠶ᠋ᠢᠨ ᠮᠡᠳᠡᢉᠡᠯᠡᠯ ᠒᠂᠒᠙᠒᠂᠕᠑᠓
  • ᠬᠣᠲᠠ ᠬᠣᠭᠤᠷᠤᠨᠳᠤ ᠶ᠋ᠢᠨ ᠠᠦ᠋ᠲ᠋ᠣ᠋ ᠵᠠᠮ ᠤ᠋ᠨ ᠬᠤᠷᠢᠶᠠᠮᠵᠢ ᠶ᠋ᠢᠨ ᠮᠡᠳᠡᢉᠳᠡᠯ ᠔᠂᠂᠖᠘᠕᠂᠖᠔᠗ ᠤᠳᠠᠭ᠎ᠠ ᢈᠦᠷᠦᢉᠰᠡᠨ ᠪᠠᠶᠢᠭ᠎ᠠ ᠪᠥᢉᠡᠳ ᠡᠨᠡ ᠨᠢ ᠢᠷᢉᠡᠳ ᠴᠠᢈᠢᠮ ᠦᠢᠯᠡᠴᠢᠯᠡᢉᠡ ᠶᠠᠮᠪᠠᠷ ᠡᠷᠢᠯᠲᠡ ᢈᠡᠷᠡᢉᠴᠡᢉᠡ ᠲᠡᠢ ᠪᠠᠶᠢᠭ᠎ᠠ ᠶ᠋ᠢ ᠬᠠᠷᠠᠭᠤᠯᠵᠤ ᠪᠠᠶᠢᠨ᠎ᠠ᠃

ᠴᠠᠭᠠᠰᠢᠳᠠ ᠡᠷᠢᠯᠲᠡᠲᠡᠢ ᠰᠢᠨ᠎ᠡ ᠦᠢᠯᠡᠴᠢᠯᠡᢉᠡ ᠨᠦ᠋ᢉᠦᠳ ᠢ᠋ ᠰᠢᠰᠲ᠋ᠧᠮ ᠳ᠋ᠦ ᠨᠡᠪᠲᠡᠷᠡᢉᠦᠯᢈᠦ᠂ ᠢᠷᢉᠡᠳ ᠲᠤ ᠴᠠᢈᠢᠮ ᠦᠢᠯᠡᠴᠢᠯᠡᢉᠡ ᠶ᠋ᠢ ᠠᠪᠬᠤ ᠫᠷᠣᠼᠧᠰᠰ ᠢ᠋ ᠢᠯᠡᢉᠦᠦ ᠣᠶᠢᠯᠠᠭᠠᠮᠵᠢᠲᠠᠢ᠂ ᢈᠢᠯᠪᠠᠷ ᠪᠣᠯᠭᠠᠬᠤ ᠠᠵᠢᠯ ᠤ᠋ᠳ ᠦᠷᢉᠦᠯᠵᠢᠯᠡᢈᠦ ᠪᠥᢉᠡᠳ ᠡᢉᠦᠨ ᠦ᠋ ᠵᠡᠷᢉᠡᠴᠡᢉᠡ ᠢᠷᢉᠡᠳ ᠦ᠋ᠨ ᢈᠦᠯᠢᠶᠡᠯᠲᠡ ᠳ᠋ᠦ ᠨᠡᠶᠢᠴᠡᢉᠰᠡᠨ ᠦᠶᠢᠯᠡᠴᠢᠯᠡᢉᠡ ᠶ᠋ᠢ ᠰᠠᠨᠠᠯ ᠪᠣᠯᠭᠠᠬᠤ ᠪᠠᠷ ᠬᠠᠮᠲᠤᠷᠠᠨ ᠠᠵᠢᠯᠯᠠᠨ᠎ᠠ᠃

ᠨᠡᠶᠢᠲᠡᠯᠡᠭᠰᠡᠨ᠄