ᠡᠴᠢᢉᠡ ᠡᢈᠡᠴᠦᠳ E-Mongolia ᠰᠢᠰᠲ᠋ᠧᠮ ᠡᠴᠡ ᢈᠡᠦᢈᠡᠳ ᠢ᠋ᠶᠡᠨ ᠤᠯᠠᠭᠠᠨ ᠪᠤᠷᠬᠠᠨ ᠤ᠋ ᠡᠰᠡᠷᢉᠦ ᠸᠠᠻᠴᠢᠨ ᠳ᠋ᠤ ᠬᠠᠮᠤᠷᠤᠭᠳᠠᠭᠰᠠᠨ ᠡᠰᠡᢈᠦ ᠶ᠋ᠢ ᠰᠢᠯᠭᠠᠭᠠᠷᠠᠢ


ᠤᠷᠢᠨ ᠳᠤᠯᠠᠭᠠᠨ ᠤ᠋ ᠤᠯᠠᠷᠢᠯ ᠢᠷᠡᠵᠦ ᠪᠠᠶᠢᠭ᠎ᠠ ᠡᠳᠡᢉᠡᠷ ᠡᠳᠦᠷ ᠦ᠋ᠳ ᠲᠦ ᠪᠠᠭ᠎ᠠ ᠨᠠᠰᠤᠨ ᠤ᠋ ᢈᠡᠦᢈᠡᠳ ᠦ᠋ᠳ ᠡᠪᠡᠳᠴᠢᠯᠡᢈᠦ ᠲᠣᢈᠢᠶᠠᠯᠳᠤᠯ ᠪᠠᠭ᠎ᠠ ᠦᢉᠡᠢ ᠪᠦᠷᠢᠳᢈᠡᢉᠳᠡᢉᠰᠡᢉᠡᠷ ᠪᠠᠶᠢᠨ᠎ᠠ᠃  ᠥᠨᠦᠳᠦᠷ ᠦ᠋ᠨ ᠪᠠᠶᠢᠳᠠᠯ ᠢ᠋ᠶᠠᠷ /᠒᠐᠒᠕᠂᠐᠕᠂᠐᠗/ ᠤᠯᠠᠭᠠᠨ ᠪᠤᠷᠬᠠᠨ ᠡᠪᠡᠳᠴᠢᠨ ᠦ᠋ ᠪᠠᠲᠤᠯᠠᠭᠳᠠᠭᠰᠠᠨ ᠲᠣᢈᠢᠶᠠᠯᠳᠤᠯ ᠑᠔᠑᠐ ᠪᠣᠯᠵᠤ᠂ ᠙᠖᠖ ᠨᠢ ᠡᠳᠡᢉᠡᠷᠡᠵᠦ ᠡᠮᠨᠡᠯᢉᠡ ᠡᠴᠡ ᠭᠠᠷᠴᠡᠢ᠃ ᠤᠯᠠᠭᠠᠨ ᠪᠤᠷᠬᠠᠨ ᠡᠪᠡᠳᠴᠢᠨ ᠨᠢ ᠠᠭᠠᠷ ᠳᠤᠰᠤᠯ ᠤ᠋ᠨ ᠵᠠᠮ ᠢ᠋ᠶᠠᠷ ᠬᠠᠯᠳᠠᠪᠤᠷᠢᠯᠠᠳᠠᠭ ᠪᠥᢉᠡᠳ ᠳᠡᢉᠡᠷᠡᢈᠢ ᠡᠪᠡᠳᠴᠢᠨ ᠢ᠋ᠶᠡᠷ ᠡᠪᠡᠳᠦᢉᠰᠡᠨ ᠒᠐᠐ ᠭᠠᠷᠤᠢ ᢈᠦᠮᠦᠨ ᠳ᠋ᠦ ᠰᠤᠳᠤᠯᠭ᠎ᠠ ᢈᠢᢈᠦ ᠳ᠋ᠦ ᠕᠐ ᠭᠠᠷᠤᠢ ᠬᠤᠪᠢ ᠨᠢ ᠳᠠᠷᠬᠠᠯᠠᠭᠠᠵᠢᠭᠤᠯᠤᠯᠲᠠ ᠳ᠋ᠤ ᠬᠠᠮᠤᠷᠤᠭᠳᠠᠭ᠎ᠠ ᠦᢉᠡᠢ᠂᠓᠐ ᠬᠤᠪᠢ ᠨᠢ ᠪᠦᠷᠢᠨ ᠲᠤᠩ ᠳ᠋ᠤ ᠬᠠᠮᠤᠷᠤᠭᠳᠠᠭ᠎ᠠ ᠦᢉᠡᠢ ᠪᠠᠶᠢᠨ᠎ᠠ᠃

ᠡᠴᠢᢉᠡ ᠡᢈᠡ᠂ ᠠᠰᠠᠷᠠᠨ ᠬᠠᠮᠠᠭᠠᠯᠠᠭᠴᠢᠳ ᢈᠡᠦᢈᠡᠳ ᠦ᠋ᠨ ᠢ᠋ᠶᠡᠨ ᠤᠯᠠᠭᠠᠨ ᠪᠤᠷᠬᠠᠨ ᠤ᠋ ᠡᠰᠡᠷᢉᠦ ᠸᠠᠻᠼᠢᠨ ᠳ᠋ᠤ ᠬᠠᠮᠤᠷᠤᠭᠳᠠᠭᠰᠠᠨ ᠡᠰᠡᢈᠦ ᠶ᠋ᠢ E-Mongolia ᠰᠢᠰᠲ᠋ᠧᠮ ᠡᠴᠡ ᠥᠪᠡᠷ ᠦ᠋ᠨ ᠪᠦᠷᠢᠳᢈᠡᠯ ᠢ᠋ᠶᠡᠷ ᠢ᠋ᠶᠡᠨ ᠨᠡᠪᠲᠡᠷᠡᠨ ᠰᠢᠯᠭᠠᠬᠤ ᠪᠣᠯᠤᠮᠵᠢ ᠲᠠᠢ ᠪᠥᢉᠡᠳ ᢈᠡᠷᠪᠡ ᠬᠠᠮᠤᠷᠤᠭᠳᠠᠭᠰᠠᠨ ᠲᠣᢈᠢᠶᠠᠯᠳᠤᠯ ᠳ᠋ᠤ ᠳᠠᠷᠠᠭ᠎ᠠ ᠶ᠋ᠢᠨ ᠲᠤᠩ ᠢ᠋ ᠨᠢ ᢈᠡᠵᠢᠶ᠎ᠡ ᢈᠢᠯᢉᠡᢈᠦ ᠶᠣᠰᠤᠲᠠᠢ ᠲᠠᠯᠠᠭᠠᠷ ᠴᠤ ᠮᠡᠳᠡᢉᠳᠡᠯ ᠰᠠᠨᠠᠭᠤᠯᠭ᠎ᠠ ᠢᠷᠡᠳᠡᢉ ᠪᠠᠶᠢᠨ᠎ᠠ᠃

ᠤᠯᠠᠭᠠᠨ ᠪᠤᠷᠬᠠᠨ ᠡᠪᠡᠳᠴᠢᠨ ᠦ᠋ ᠡᠰᠡᠷᢉᠦ ᠸᠠᠻᠼᠢᠨ ᠤ᠋ ᠪᠦᠷᠢᠨ ᠲᠤᠩ ᠢ᠋ ᢈᠢᠯᢉᠡᢉᠰᠡᠨ ᠪᠣᠯ ᠨᠠᠰᠤᠨ ᠲᠤᠷᠰᠢ ᠶ᠋ᠢᠨ ᠳᠠᠷᠬᠠᠯᠠᠭ᠎ᠠ ᠲᠣᠭᠲᠠᠳᠠᠭ ᠲᠠᠯᠠᠭᠠᠷ ᠮᠡᠷᢉᠡᠵᠢᠯ ᠦ᠋ᠨ ᠪᠠᠶᠢᠭᠤᠯᠤᠯᠭ᠎ᠠ ᠠ᠋ᠴᠠ ᠮᠡᠳᠡᢉᠡᠯᠡᠯ᠎ᠡ᠃  ᠲᠡᠶᠢᠮᠦ ᠡᠴᠡ ᠡᠴᠢᢉᠡ ᠡ᠂ ᠠᠰᠠᠷᠠᠨ ᠬᠠᠮᠠᠭᠠᠯᠠᠭᠴᠢᠳ ᠲᠠ ᠪᠦᢈᠦᠨ ᢈᠡᠦᢈᠡᠳ ᠢ᠋ᠶᠡᠨ ᠤᠯᠠᠭᠠᠨ ᠪᠤᠷᠬᠠᠨ ᠤ᠋ ᠡᠰᠡᠷᢉᠦ ᠸᠠᠻᠼᠢᠨ ᠳ᠋ᠤ ᠬᠠᠮᠤᠷᠤᠭᠤᠯᠵᠤ ᢈᠡᠦᢈᠡᠳ ᠦ᠋ᠨ ᠢ᠋ᠶᠡᠨ ᠡᠷᠡᢉᠦᠯ ᠮᠡᠨᠳᠦ ᠶ᠋ᠢ ᠬᠠᠮᠠᠭᠠᠯᠠᠭᠠᠷᠠᠢ᠃

ᢈᠡᠷᢈᠢᠨ ᠠᠪᠬᠤ ᠪᠤᠢ?

  1. E-Mongolia ᠰᠢᠰᠲ᠋ᠧᠮ ᠳ᠋ᠦ ᠪᠦᠷᠢᠳᢈᠡᠯ ᠲᠡᠢ ᠬᠠᠶᠢᠭ ᠢ᠋ᠶᠠᠷ ᠢ᠋ᠶᠠᠨ ᠨᠡᠪᠲᠡᠷᠡᢈᠦ
  2. ᠦᠨᠳᠦᠰᠦᠨ ᠴᠡᠰᠡ ᠡᠴᠡ “ᠡᠷᠡᢉᠦᠯ ᠮᠡᠨᠳᠦ” ᢈᠡᠰᠡᢉ ᠢ᠋ ᠰᠣᠩᠭᠤᠬᠤ
  3. ᠳᠠᠷᠬᠠᠯᠠᠭᠠᠵᠢᠭᠤᠯᠤᠯᠲᠠ ᠶ᠋ᠢᠨ ᠮᠡᠳᠡᢉᠡᠯᠡᠯ ᠦᠶᠢᠯᠡᠴᠢᠯᠡᢉᠡ ᠶ᠋ᠢ ᠰᠣᠩᠭᠤᠬᠤ
  4. ᢈᠡᠦᢈᠡᠳ ᠦ᠋ᠨ ᠢ᠋ᠶᠡᠨ ᠮᠡᠳᠡᢉᠡᠯᠡᠯ ᠢ᠋ ᠳᠡᠯᢉᠡᠷᠡᠩᢉᠦᠢ ᠦᠵᠡᠵᠦ᠂ ᢈᠦᠰᠡᠪᠡᠯ PDF ᠹᠠᠶᠢᠯ ᠢ᠋ᠶᠠᠷ ᠲᠠᠲᠠᠵᠤ ᠠᠪᠬᠤ

ᠴᠠᢈᠢᠮ ᠢ᠋ᠶᠠᠷ ᠰᠢᠢᠳᠴᠦ᠂ ᠴᠠᠭ ᠢ᠋ᠶᠠᠨ ᢈᠡᠮᠨᠡᠶ᠎ᠡ!

ᠨᠡᠶᠢᠲᠡᠯᠡᠭᠰᠡᠨ᠄