ᠢᠷᢉᠡᠳ E-Mongolia᠂ᠹ᠂ E-Business ᠰᠢᠰᠲ᠋ᠧᠮ ᠢ᠋ᠶᠡᠷ ᠳᠠᠮᠵᠢᠭᠤᠯᠤᠨ ᠭᠠᠵᠠᠷ ᠵᠣᢈᠢᠶᠠᠨ ᠪᠠᠶᠢᠭᠤᠯᠤᠯᠲᠠ᠂ ᢉᠧᠣᠳᠧᠽᠢ᠂ ᠵᠢᠷᠤᠭ ᠵᠦᠢ ᠶ᠋ᠢᠨ ᠶᠡᠷᠦᠩᢈᠡᠢ ᠭᠠᠵᠠᠷ ᠠ᠋ᠴᠠ ᠦᠵᠡᢉᠦᠯᠳᠡᢉ ᠑᠖ ᠲᠥᠷᠦᠯ ᠦ᠋ᠨ ᠦᠢᠯᠡᠴᠢᠯᠡᢉᠡ ᠶ᠋ᠢ ᠴᠠᢈᠢᠮ ᠢ᠋ᠶᠠᠷ ᠠᠪᠬᠤ ᠪᠣᠯᠤᠮᠵᠢ ᠲᠠᠢ᠃
ᠦᠶᠢᠯᠡᠴᠢᠯᠡᢉᠡᠨ ᠦ᠋ ᠵᠢᠭᠰᠠᠭᠠᠯᠲᠠ |
ᠭᠠᠵᠠᠷ ᠪᠠᠷᠢᠴᠠᠭᠠᠨ ᠳ᠋ᠤ ᠪᠠᠶᠢᠭᠠ ᠡᠰᠡᢈᠦ ᠲᠤᠬᠠᠢ ᠯᠠᠪᠯᠠᠭᠠ |
ᠭᠠᠵᠠᠷ ᠥᠮᠴᠢᠯᠡᢈᠦ᠂ ᠡᠵᠡᠮᠰᠢᢈᠦ᠂ ᠠᠰᠢᠭᠯᠠᠬᠤ ᠡᠷᢈᠡ ᠶ᠋ᠢᠨ ᠰᠢᢉᠦᢈᠦ ᠶ᠋ᠢᠨ ᠰᠢᠢᠳᠪᠦᠷᠢ ᠲᠡᠢ ᠡᠰᠡᢈᠦ ᠯᠠᠪᠯᠠᠭᠠ |
ᠨᠡᠶᠢᠰᠯᠡᠯ ᠳ᠋ᠦ ᠭᠠᠵᠠᠷ ᠥᠮᠴᠢᠯᠡᠵᠦ ᠠᠪᠤᠭᠠ ᠦᢉᠡᠢ ᠲᠤᠬᠠᠢ ᠲᠣᠳᠤᠷᠬᠠᠶᠢᠯᠠᠯᠲᠠ |
ᠨᠡᠶᠢᠰᠯᠡᠯ ᠳ᠋ᠦ ᠭᠠᠵᠠᠷ ᠥᠮᠴᠢᠯᠡᠵᠦ ᠠᠪᠤᠭᠰᠠᠨ ᠡᠰᠡᢈᠦ ᠲᠤᠬᠠᠢ ᠯᠠᠪᠯᠠᠭᠠ |
ᠭᠠᠵᠠᠷ ᠡᠵᠡᠮᠰᠢᢈᠦ ᠡᠷᢈᠡ ᠶ᠋ᠢᠨ ᠯᠠᠪᠯᠠᠭᠠ |
ᠭᠠᠵᠠᠷ ᠤ᠋ᠨ ᠻᠠᠳᠠᠰᠲ᠋ᠷ ᠤ᠋ᠨ ᠨᠢᢉᠡᠴᠡ ᠲᠠᠯᠠᠪᠤᠷ ᠤ᠋ᠨ ᠲᠣᠳᠤᠷᠬᠠᠶᠢᠯᠠᠯᠲᠠ |
ᠨᠢᢉᠡᠴᠡ ᠲᠠᠯᠠᠪᠤᠷ ᠤ᠋ᠨ ᠳᠠᠭᠤᠳᠠᠯᠭᠠ ᠬᠤᠳᠠᠯᠳᠤᠭᠠᠨ ᠤ᠋ ᠠᠩᠬᠠᠨ ᠤ᠋ ᠦᠨᠡ ᠶ᠋ᠢᠨ ᠯᠠᠪᠯᠠᠭᠠ |
ᠭᠠᠵᠠᠷ ᠡᠵᠡᠮᠰᠢᢈᠦ ᠡᠷᢈᠡ ᠶ᠋ᠢᠨ ᢉᠡᠷᠡᠴᠢᠯᠡᢉᠡᠨ ᠦ᠋ ᠯᠠᠪᠯᠠᠭᠠ |
ᢈᠦᠮᠦᠨ᠂ ᠬᠠᠤᠯᠢ ᠶ᠋ᠢᠨ ᠡᠲᠡᢉᠡᠳ ᠲᠦ ᠭᠠᠵᠠᠷ ᠡᠵᠡᠮᠰᠢᢉᠦᠯᢈᠦ ᢉᠡᠷᠡ ᠶ᠋ᠢᠨ ᠯᠠᠪᠯᠠᠭᠠ |
ᠭᠠᠵᠠᠷ ᠤ᠋ᠨ ᠲᠥᠯᠦᠪᠦᠷᠢ ᠲᠣᠭᠠᠴᠠᠭᠠ ᠨᠡᠶᠢᠯᠡᢉᠰᠡᠨ ᠠᠻᠲ |
ᠻᠠᠳᠠᠰᠲ᠋ᠷ ᠤ᠋ᠨ ᠵᠢᠷᠤᠭ ᢈᠡᠪᠯᠡᠵᠦ ᠠᠪᠬᠤ |
ᠭᠠᠵᠠᠷ ᠣᠯᠭᠤᠯᠲᠠ ᠶ᠋ᠢᠨ ᠪᠠᠷᠢᠮᠲᠠ ᠶ᠋ᠢᠨ ᠬᠠᠭᠤᠯᠪᠤᠷᠢ |
ᠭᠠᠵᠠᠷ ᠤ᠋ᠨ ᠣᠷᠤᠴᠠ᠂ ᠭᠠᠷᠴᠠ ᠬᠠᠭᠠᠭᠰᠠᠨ᠂ ᠵᠥᠪᠰᠢᠶᠡᠷᠡᠯ ᠦᢉᠡᠢ ᠲᠡᠯᠡᢉᠰᠡᠨ ᠵᠥᠷᠢᠴᠡᠯ ᠢ᠋ ᠮᠡᠳᠡᢉᠡᠯᠡᢈᠦ |
ᠠᠷᢈᠢᠲ᠋ᠧᠻᠲ᠋ᠤᠷ ᠲᠥᠯᠦᠪᠯᠡᠯᠲᠡ ᠶ᠋ᠢᠨ ᠳᠠᠭᠠᠭᠠᠯᠭᠠᠪᠤᠷᠢ ᠠᠪᠬᠤ |
ᠠᠦ᠋ᠲ᠋ᠣ᠋ ᠵᠠᠮ ᠳ᠋ᠤ ᠣᠷᠤᠴᠠ᠂ ᠭᠠᠷᠴᠠ᠂ ᠨᠡᠶᠢᠲᠡ ᠶ᠋ᠢᠨ ᠡᠵᠡᠮᠰᠢᠯ ᠦ᠋ᠨ ᠲᠠᠯᠠᠪᠠᠢ ᠳ᠋ᠤ ᠵᠣᠭᠰᠤᠭᠠᠯ ᠤ᠋ᠨ ᠲᠠᠯᠠᠪᠠᠢ ᠰᠢᠨᠡ ᠪᠡᠷ ᠭᠠᠷᠭᠠᠬᠤ |
ᠭᠠᠵᠠᠷ ᠤ᠋ᠨ ᠲᠥᠯᠦᠪᠦᠷᠢ᠂ ᠲᠠᠲᠠᠪᠤᠷᠢ ᠶ᠋ᠢᠨ ᠲᠠᠯᠠᠭᠠᠷᢈᠢ ᠯᠠᠪᠯᠠᠭᠠ ᠠᠪᠬᠤ |
ᠡᠮᠦᠨᠡ ᠨᠢ ᠭᠠᠵᠠᠷ ᠡᠵᠡᠮᠰᠢᢈᠦ᠂ ᠠᠰᠢᠭᠯᠠᠬᠤ ᠡᠷᢈᠡ ᠶ᠋ᠢᠨ ᢉᠡᠷᠡ᠂ ᢉᠡᠷᠡᠴᠢᠯᠡᢉᠡ᠂ᠻᠠᠳᠠᠰᠲ᠋ᠷ ᠤ᠋ᠨ ᠵᠢᠷᠤᠭ ᠪᠣᠯᠤᠨ ᢈᠢᠨᠠᠨ ᠪᠠᠲᠤᠯᠠᠭᠠ ᠵᠡᠷᢉᠡ ᠪᠠᠷᠢᠮᠲᠠ ᠪᠢᠴᠢᢉ ᠲᠦ ᠘–᠑᠐ ᠲᠥᠷᠦ ᠶ᠋ᠢᠨ ᠠᠯᠪᠠᠨ ᠬᠠᠭᠠᠭᠴᠢ ᠶ᠋ᠢᠨ ᠭᠠᠷ ᠤ᠋ᠨ ᠦᠰᠦᢉ ᠱᠠᠭᠠᠷᠳᠠᠯᠭᠠᠲᠠᠢ ᠪᠠᠶᠢᠭᠰᠠᠨ ᠪᠣᠯ ᠳᠡᢉᠡᠷᠡᢈᠢ ᠦᠢᠯᠡᠴᠢᠯᠡᢉᠡ ᠨᠦ᠋ᢉᠦᠳ ᠴᠠᢈᠢᠮᠵᠢᠭᠰᠠᠨ ᠢ᠋ᠶᠠᠷ ᠭᠠᠵᠠᠷ ᠡᠵᠡᠮᠰᠢᢈᠦ᠂ ᠠᠰᠢᠭᠯᠠᠬᠤ ᠦᠢᠯᠡ ᠶᠠᠪᠤᠴᠠ ᠶ᠋ᠢ ᢈᠢᠯᠪᠠᠷᠰᠢᠭᠤᠯᠵᠤ᠂ ᠲᠥᠷᠦ ᠶ᠋ᠢᠨ ᠪᠠᠶᠢᠭᠤᠯᠤᠯᠭᠠ ᠶ᠋ᠢᠨ ᠱᠠᠲᠤ ᠳᠠᠮᠵᠢᠯᠭᠠ ᠶ᠋ᠢ ᠪᠠᠭᠠᠰᠬᠠᠨ᠂ ᠢᠷᢉᠡᠳ ᠲᠥᠷᠦ ᠶ᠋ᠢᠨ ᠦᠢᠯᠡᠴᠢᠯᠡᢉᠡ ᠶ᠋ᠢ ᠲᠦᠷᢉᠡᠨ ᠰᠢᠭᠤᠷᠬᠠᠢ ᠠᠪᠬᠤ᠂ ᠲᠥᠷᠦ ᠶ᠋ᠢᠨ ᠪᠠᠶᠢᠭᠤᠯᠤᠯᠭᠠ ᠬᠣᠭᠤᠷᠤᠨᠳᠤ ᠭᠠᠵᠠᠷ ᠲᠠᠢ ᠬᠣᠯᠪᠤᠭᠠᠲᠠᠢ ᠮᠡᠳᠡᢉᠡᠯᠡᠯ ᠰᠣᠯᠢᠯᠴᠠᠬᠤ ᠦᠢᠯᠡ ᠠᠵᠢᠯᠯᠠᠭᠠ ᠶ᠋ᠢ ᠴᠠᠭᠠᠰᠤ ᠪᠠᠷ ᠪᠤᠰᠤ ᠴᠠᢈᠢᠮ ᠢ᠋ᠶᠠᠷ ᠪᠦᠷᠢᠳᠦᢉᠦᠯᢈᠦ᠂ ᠰᠣᠯᠢᠯᠴᠠᠬᠤ᠂ ᠪᠠᠲᠤᠯᠠᠭᠠᠵᠢᠭᠤᠯᠬᠤ ᢉᠡᢈᠦ ᠮᠡᠲᠦ ᠪᠣᠯᠤᠮᠵᠢ ᠨᠤᠭᠤᠳ ᠪᠦᠷᠢᠳᠦᢉᠰᠡᢉᠡᠷ ᠪᠠᠶᠢᠨᠠ᠃
ᠭᠠᠵᠠᠷ ᠵᠣᢈᠢᠶᠠᠨ ᠪᠠᠶᠢᠭᠤᠯᠤᠯᠲᠠ᠂ ᢉᠧᠣᠳᠧᠿᠢ᠂ ᠵᠢᠷᠤᠭ ᠵᠦᠢ ᠶ᠋ᠢᠨ ᠶᠡᠷᠦᠩᢈᠡᠢ ᠭᠠᠵᠠᠷ ᠨᠢ ᠒᠐᠒᠕ ᠣᠨ ᠢ᠋ “ᠢᠷᢉᠡᠳ ᠦ᠋ᠨ ᠢᠲᠡᢉᠡᠯ ᠢ᠋ ᢈᠦᠯᠢᠶᠡᢉᠰᠡᠨ ᠲᠥᠷᠦ ᠶ᠋ᠢᠨ ᠦᠶᠢᠯᠡᠴᠢᠯᠡᢉᠡᠨ ᠦ᠋ ᠵᠢᠯ” ᠪᠣᠯᠭᠠᠨ ᠵᠠᠷᠯᠠᠭᠰᠠᠨ ᠪᠥᢉᠡᠳ ᠲᠥᠷᠦ ᠶ᠋ᠢᠨ ᠦᠢᠯᠡᠴᠢᠯᠡᢉᠡ ᠶ᠋ᠢ ᠢᠯᠡᢉᠦᠦ ᢈᠢᠯᠪᠠᠷ᠂ ᠢᠷᢉᠡᠳ ᠲᠦ ᠣᠶᠢᠷᠠ᠂ ᢈᠦᠷᠲᠡᢉᠡᠮᠵᠢ ᠲᠡᠢ ᠪᠠᠶᠢᠯᠭᠠᠬᠤ ᠲᠠᠯᠠ ᠳᠡᢉᠡᠷᠡ ᠢᠯᠡᢉᠦᠦ ᠠᠩᠬᠠᠷᠴᠤ E-Mongolia ᠰᠢᠰᠲ᠋ᠧᠮ ᠳ᠋ᠦ ᠴᠠᢈᠢᠮᠵᠢᠭᠰᠠᠨ ᠪᠠᠶᠢᠭᠠ ᠦᠢᠯᠡᠴᠢᠯᠡᢉᠡ ᠨᠦ᠋ᢉᠦᠳ ᠦ᠋ᠨ ᠲᠠᠯᠠᠭᠠᠷ ᠰᠤᠷᠭᠠᠯᠲᠠ᠂ ᠰᠤᠷᠲᠠᠯᠴᠢᠯᠠᠭᠠ ᠶ᠋ᠢ ᠡᠷᠴᠢᠮᠵᠢᢉᠦᠯᢈᠦ ᠪᠡᠷ “ᠢ-ᠮᠣᠩᠭᠤᠯ ᠠᠻᠠᠳ᠋ᠧᠮᠢ” ᠤᠲᠤᠭ-ᠲᠠᠢ ᠬᠠᠮᠲᠤᠷᠠᠭᠰᠠᠨ ᠠᠭᠤᠯᠵᠠᠯᠲᠠ ᠶ᠋ᠢ /᠒᠐᠒᠕᠂᠐᠕᠂᠐᠗/ ᠵᠣᢈᠢᠶᠠᠨ ᠪᠠᠶᠢᠭᠤᠯᠤᠯᠠ᠃
ᠠᠭᠤᠯᠵᠠᠯᠲᠠ ᠪᠠᠷ ᠲᠥᠷᠦ ᠶ᠋ᠢᠨ ᠴᠠᢈᠢᠮ ᠰᠢᠯᠵᠢᠯᠲᠡ᠂ ᠲᠥᠷᠦ ᠶ᠋ᠢᠨ ᠦᠢᠯᠡᠴᠢᠯᠡᢉᠡ ᠶ᠋ᠢ ᠴᠠᢈᠢᠮᠵᠢᠭᠤᠯᠬᠤ᠂ ᠰᠢᠨᠡ ᠲᠧᠻᠨᠣᠯᠣᢉᠢ ᠶ᠋ᠢ ᠨᠡᠪᠲᠡᠷᠡᢉᠦᠯᢈᠦ᠂ ᠢᠷᢉᠡᠳ ᠣᠯᠠᠨ ᠨᠡᠶᠢᠲᠡ ᠳ᠋ᠦ ᠲᠥᠷᠦ ᠶ᠋ᠢᠨ ᠦᠢᠯᠡᠴᠢᠯᠡᢉᠡ ᠶ᠋ᠢ ᢈᠦᠷᠲᠡᢉᠡᠮᠵᠢᠲᠡᠢ ᠰᠤᠷᠲᠠᠯᠴᠢᠯᠠᠬᠤ᠂ ᠴᠠᠭᠠᠰᠢᠳᠠ ᠶ᠋ᠢᠨ ᠬᠠᠮᠲᠤ ᠶ᠋ᠢᠨ ᠠᠵᠢᠯᠯᠠᠭᠠ ᠶ᠋ᠢ ᠥᠷᢉᠡᠵᠢᢉᠦᠯᢈᠦ ᠴᠢᢉᠯᠡᠯ ᠢ᠋ᠶᠡᠷ ᠲᠥᠯᠦᠪᠯᠡᢉᠡ ᠭᠠᠷᠭᠠᠨ ᢈᠡᠷᠡᢉᠵᠢᠯᠲᠡ ᠶ᠋ᠢ ᠬᠠᠩᠭᠠᠬᠤ ᠲᠠᠯᠠᠭᠠᠷ ᢈᠡᠯᠡᠯᠴᠡᠯᠡ᠃
ᠴᠠᠭᠠᠰᠢᠳᠠ ᠪᠤᠰᠤᠳ ᠲᠥᠷᠦ ᠶ᠋ᠢᠨ ᠪᠠᠶᠢᠭᠤᠯᠤᠯᠭᠠ ᠲᠠᠢ ᠬᠠᠮᠲᠤ ᠶ᠋ᠢᠨ ᠠᠵᠢᠯᠯᠠᠭᠠ ᠶ᠋ᠢ ᠤᠯᠠᠮ ᠥᠷᢉᠡᠵᠢᢉᠦᠯᢈᠦ᠂ ᠢᠷᢉᠡᠳ ᠲᠦ ᠲᠥᠷᠦ ᠶ᠋ᠢᠨ ᠦᠢᠯᠡᠴᠢᠯᠡᢉᠡᠨ ᠦ᠋ ᢈᠦᠷᠲᠡᢉᠡᠮᠵᠢ ᠶ᠋ᠢ ᠰᠠᠶᠢᠵᠢᠷᠠᠭᠤᠯᠬᠤ ᠵᠣᠷᠢᠯᠭᠠ ᠪᠠᠷ ᠲᠥᠷᠦ ᠶ᠋ᠢᠨ ᠪᠣᠯᠤᠨ ᠲᠥᠷᠦ ᠶ᠋ᠢᠨ ᠪᠤᠰᠤ ᠪᠠᠶᠢᠭᠤᠯᠤᠯᠭᠠ ᠨᠤᠭᠤᠳ ᠲᠠᠢ ᢈᠢᠵᠦ ᠪᠤᠢ ᠠᠭᠤᠯᠵᠠᠯᠲᠠ ᠨᠤᠭᠤᠳ ᠢ᠋ ᠱᠠᠲᠤ ᠳᠠᠷᠠᠭᠠᠲᠠᠢ ᠪᠠᠷ ᠵᠣᢈᠢᠶᠠᠨ ᠪᠠᠶᠢᠭᠤᠯᠤᠭᠰᠠᠭᠠᠷ ᠪᠠᠶᠢᠬᠤ ᠪᠣᠯᠤᠨᠠ᠃