ᠮᠣᠩᠭᠣᠯ ᠤ᠋ᠨ ᠲᠥᠷᠦ ᠶ᠋ᠢᠨ ᠦᠢᠯᠡᠴᠢᠯᠡᢉᠡ ᠣᠯᠠᠨ ᠵᠢᠯ ᠢᠷᢉᠡᠳ᠂ ᠪᠢᠽᠢᠨᠧᠰ ᠡᠷᢈᠢᠯᠡᢉᠴᠢᠳ ᠲᠦ ᢈᠦᠨᠳᠦᠷᠡᠯ ᠪᠡᠷᢈᠡᠰᠢᠶᠡᠯ ᠤᠴᠠᠷᠠᠭᠤᠯᠵᠤ ᠢᠷᠡᢉᠰᠡᠨ “ᢈᠦᠨᠳᠦ ᠰᠤᠷᠲᠠᠯ” ᢈᠡᠮᠡᢈᠦ ᠣᠶᠢᠯᠠᠭᠠᠯᠲᠠ ᠶ᠋ᠢ ᠠᠷᠢᠯᠭᠠᠬᠤ ᠴᠢᢉᠯᠡᠯ ᠳ᠋ᠦ ᠳᠣᠷᠪᠢᠲᠠᠢ ᠠᠯᠬᠤᠮ ᢈᠢᢉᠳᠡᢉᠡᠳ ᠶᠠᠪᠤᠵᠤ ᠪᠠᠶᠢᠭᠠ ᠨᠢ ᠵᠢᠯ ᠢᠷᠡᢈᠦ ᠲᠤᠰᠤᠮ ᠮᠡᠳᠡᢉᠳᠡᢈᠦᠶᠢᠴᠡ ᠠᠩᠵᠠᠭᠠᠷᠠᠭᠳᠠᠵᠤ ᠪᠠᠶᠢᠭᠠ ᠪᠢᠯᠡ᠃ ᠮᠣᠩᠭᠤᠯ ᠤ᠋ᠨ ᠦᠨᠳᠦᠰᠦᠨ ᠦ᠋ ᠬᠤᠳᠠᠯᠳᠤᠭᠠ ᠠᠵᠤ ᠦᠶᠢᠯᠡᠳᠪᠦᠷᠢ ᠶ᠋ᠢᠨ ᠲᠠᠩᢈᠢᠮ (ᠮᠦᢈᠡᠦᠲᠡ)- ᠠ᠋ᠴᠠ ᠒᠐ ᠵᠢᠯ ᠦ᠋ᠨ ᠲᠤᠷᠰᠢ ᢈᠢᠵᠦ ᠪᠤᠢ “ᢈᠦᠨᠳᠦ ᠰᠤᠷᠲᠠᠯ ᠤ᠋ᠨ ᠢᠨᠳᠧᠻᠰ” ᠰᠤᠳᠤᠯᠭᠠᠨ ᠤ᠋ ᠒᠐᠒᠔ ᠣᠨ ᠤ᠋ ᠦᠷᠡ ᠳ᠋ᠦᠩ ᠢ᠋ᠶᠡᠷ “ᠲᠥᠷᠦ ᠶ᠋ᠢᠨ ᠦᠢᠯᠡᠴᠢᠯᠡᢉᠡᠨ ᠦ᠋ ᠴᠢᠨᠠᠷ᠂ ᢈᠦᠷᠲᠡᢉᠡᠮᠵᠢ ᠰᠠᠶᠢᠵᠢᠷᠠᠭᠰᠠᠨ” ᢉᠡᠰᠡᠨ ᠳ᠋ᠦᠩᠨᠡᠯᠲᠡ ᠭᠠᠷᠴᠡᠢ᠃
ᠰᠤᠳᠤᠯᠭᠠ ᠪᠠᠷ ᠲᠥᠷᠦ ᠶ᠋ᠢᠨ ᠦᠢᠯᠡᠴᠢᠯᠡᢉᠡᠨ ᠦ᠋ ᢈᠦᠨᠳᠦ ᠰᠤᠷᠲᠠᠯ ᠤ᠋ᠨ ᠢᠨ᠋ᠳᠧᠻᠰ ᠒᠂᠘᠕ ᠣᠨᠤᠭᠠ ᠪᠣᠯᠵᠤ᠂ ᠒᠐᠒᠑ ᠣᠨ ᠤ᠋ ᠰᠤᠳᠤᠯᠭᠠ ᠲᠠᠢ ᠬᠠᠷᠢᠴᠠᠭᠤᠯᠬᠤ ᠳ᠋ᠤ ᠔᠂᠘ ᠬᠤᠪᠢ ᠪᠠᠷ ᠥᠰᠦᢉᠰᠡᠨ ᠨᠢ ᠡᠶᠡᠷᢉᠦ ᠦᠵᠡᢉᠦᠯᠦᠯᠲᠡ ᠶᠤᠮ᠃ ᠰᠤᠳᠤᠯᠭᠠᠨ ᠳ᠋ᠤ ᠣᠷᠤᠯᠴᠠᠭᠰᠠᠨ ᠪᠢᠽᠢᠨᠧᠰ ᠡᠷᢈᠢᠯᠡᢉᠴᠢᠳ ᠦ᠋ᠨ ᠳᠡᠶᠢᠯᠦᠩᢈᠢ ᠨᠢ ᠲᠥᠷᠦ ᠶ᠋ᠢᠨ ᠴᠠᢈᠢᠮ ᠰᠢᠰᠲ᠋ᠧᠮ ᠦ᠋ᠳ ᠪᠣᠯᠬᠤ “E-Mongolia” ᠪᠣᠯᠤᠨ “E-Business” ᠫᠯᠠᠲ᠋ᠹᠣᠷᠮ ᠤ᠋ᠳ ᠢ᠋ ᢈᠦᠨᠳᠦ ᠰᠤᠷᠲᠠᠯ ᠢ᠋ ᠪᠠᠭᠤᠷᠠᠭᠤᠯᠬᠤ ᠳ᠋ᠤ ᠪᠣᠳᠠᠲᠤ ᠠᢈᠢᠴᠠ ᠠᠪᠴᠢᠷᠠᠭᠰᠠᠨ ᢈᠡᠮᠡᠨ ᠣᠨᠴᠠᠯᠠᠵᠡᠢ᠃
ᠮᠣᠩᠭᠣᠯ ᠤᠯᠤᠰ ᠤ᠋ᠨ ᠵᠠᠰᠠᠭ ᠤ᠋ᠨ ᠭᠠᠵᠠᠷ ᠒᠐᠑᠙ ᠣᠨ ᠳ᠋ᠤ ᠡᢈᠢᠯᠡᢉᠦᠯᠦᢉᠰᠡᠨ ᠴᠠᢈᠢᠮ ᠵᠠᠰᠠᠭᠯᠠᠯ ᠤ᠋ᠨ ᠰᠢᠯᠵᠢᠯᠲᠡ ᠥᠨᠦᠳᠦᠷ ᠪᠣᠳᠠᠲᠤ ᠦᠷᠡ ᠳ᠋ᠦᠩ ᠢ᠋ᠶᠡᠨ ᠥᢉᠴᠦ ᠡᢈᠢᠯᠡᠵᠡᠢ᠃ ᠠᠩᠬᠠ ᠒᠐᠒᠐ ᠣᠨ ᠳ᠋ᠤ ᠨᠡᢉᠡᢉᠡᢉᠳᠡᢉᠰᠡᠨ E-Mongolia ᠰᠢᠰᠲ᠋ᠧᠮ ᠥᠨᠦᠳᠦᠷ ᠘᠘ ᠪᠠᠶᠢᠭᠤᠯᠤᠯᠭᠠ ᠶ᠋ᠢᠨ ᠑᠂᠒᠖᠔ ᠲᠥᠷᠦᠯ ᠦ᠋ᠨ ᠦᠢᠯᠡᠴᠢᠯᠡᢉᠡ ᠶ᠋ᠢ ᠢᠷᢉᠡᠳ ᠴᠠᢈᠢᠮ ᠢ᠋ᠶᠠᠷ ᢈᠦᠷᢉᠡᠵᠦ ᠪᠠᠶᠢᠭᠠ ᠪᠥᢉᠡᠳ ᠨᠡᠶᠢᠲᠡ ᠳ᠋ᠦ ᠪᠡᠨ ᠗᠙ ᠰᠠᠶ᠋ᠢ ᠭᠠᠷᠤᠢ ᠤᠳᠠᠭᠠ ᠲᠥᠷᠦ ᠶ᠋ᠢᠨ ᠦᠢᠯᠡᠴᠢᠯᠡᢉᠡ ᠶ᠋ᠢ ᠢᠷᢉᠡᠳ ᠲᠦ ᠦᠵᠡᢉᠦᠯᠦᢉᠰᠡᠨ ᠦᠵᠡᢉᠦᠯᠦᠯᠲᠡ ᠲᠡᠢ ᠪᠠᠶᠢᠨᠠ᠃ ᠨᠠᠰᠤᠨ ᠳ᠋ᠤ ᢈᠦᠷᠦᢉᠰᠡᠨ ᠢᠷᢉᠡᠳ ᠦ᠋ᠨ ᠘᠘ ᠬᠤᠪᠢ ᠨᠢ ᠲᠤᠰ ᠰᠢᠰᠲ᠋ᠧᠮ ᠦ᠋ᠨ ᢈᠡᠷᠡᢉᠯᠡᢉᠴᠢ ᠪᠥᢉᠡᠳ ᠡᠳᠦᠷ ᠲᠤᠲᠤᠮ ᠤ᠋ᠨ ᠠᠮᠢᠳᠤᠷᠠᠯ ᠳ᠋ᠤ ᠪᠠᠨ ᠴᠠᢈᠢᠮ ᠦᠢᠯᠡᠴᠢᠯᠡᢉᠡ ᠶ᠋ᠢ ᠴᠠᠭ ᠠᠯᠳᠠᠯ ᠦᢉᠡᠢ ᢈᠢᠯᠪᠠᠷ᠂ ᠬᠠᠮᠢᠭᠠ ᠠ᠋ᠴᠠ ᠴᠤ ᠠᠪᠴᠤ ᠪᠠᠶᠢᠨᠠ᠃ ᠡᠨᠡ ᠪᠣᠯ ᠴᠠᠭᠠᠰᠤ᠂ ᠭᠠᠷ ᠤ᠋ᠨ ᠦᠰᠦᢉ᠂ ᠳᠠᠷᠠᠭᠠᠯᠠᠯ ᠳ᠋ᠤ ᠵᠣᠭᠰᠤᠳᠠᠭ ᠤᠯᠠᠮᠵᠢᠯᠠᠯᠲᠤ ᠰᠢᠰᠲ᠋ᠧᠮ ᠡᠴᠡ ᠴᠠᢈᠢᠮ ᢈᠡᠯᠪᠡᠷᠢ ᠳ᠋ᠦ ᠰᠢᠯᠵᠢᢉᠰᠡᠨ ᠪᠣᠳᠠᠲᠤ ᠥᢉᠡᠷᠡᠴᠢᠯᠡᠯᠲᠡ ᠶᠤᠮ᠃
ᠴᠠᢈᠢᠮ ᠰᠢᠯᠵᠢᠯᠲᠡ ᠶ᠋ᠢᠨ ᠦᠷᠡ ᠥᢉᢉᠦᢉᠡᠵᠢ ᠵᠥᠪᢈᠡᠨ ᠦᠢᠯᠡᠴᠢᠯᠡᢉᠡᠨ ᠦ᠋ ᢈᠦᠷᠲᠡᢉᠡᠮᠵᠢ ᠪᠡᠷ ᠵᠣᠭᠰᠤᠬᠤ ᠦᢉᠡᠢ ᠡᠳ᠋ ᠦ᠋ᠨ ᠵᠠᠰᠠᠭ ᠲᠤ ᠴᠤ ᠲᠣᠮᠤᠬᠠᠨ ᠨᠥᠯᠦᢉᠡ ᠦᠵᠡᢉᠦᠯᠦᢉᠰᠡᠨ ᠨᠢ ᠒᠐᠒᠕ ᠣᠨ ᠤ᠋ ᠪᠠᠶᠢᠳᠠᠯ ᠢ᠋ᠶᠠᠷ ᠲᠥᠷᠦ ᠶ᠋ᠢᠨ ᠴᠠᢈᠢᠮ ᠦᠢᠯᠡᠴᠢᠯᠡᢉᠡᠨ ᠦ᠋ ᠰᠢᠰᠲ᠋ᠧᠮ ᠦ᠋ᠳ ᠑᠂᠔ ᠶᠡᢈᠡ ᠨᠠᠶᠤᠳ ᠲᠥᢉᠦᠷᠢᢉ ᠦ᠋ᠨ ᠵᠠᠷᠤᠳᠠᠯ ᠢ᠋ ᢈᠡᠮᠨᠡᢉᠰᠡᠨ ᠨᠢ ᠴᠠᢈᠢᠮ ᠵᠠᠰᠠᠭᠯᠠᠯ ᠤᠯᠤᠰ ᠤ᠋ᠨ ᠲᠥᠰᠦᠪ᠂ ᠪᠢᠽᠢᠨᠧᠰ ᠦ᠋ᠨ ᠵᠠᠷᠤᠳᠠᠯ ᠳ᠋ᠤ ᠡᠶᠡᠷᢉᠦ ᠨᠥᠯᠦᢉᠡ ᠦᠵᠡᢉᠦᠯᠵᠦ ᠪᠤᠢ ᠶ᠋ᠢᠨ ᠢᠯᠡᠷᠡᠯ ᠶᠠᠭᠤᠮᠠ᠃
ᠮᠣᠩᠭᠣᠯ ᠤᠯᠤᠰ ᠤ᠋ᠨ ᠴᠠᢈᠢᠮ ᠵᠠᠰᠠᠭᠯᠠᠯ ᠣᠯᠠᠨ ᠤᠯᠤᠰ ᠤ᠋ᠨ ᢈᠡᠮᠵᠢᠶ ᠡᠨ ᠳ᠋ᠦ ᠴᠤ ᠒᠐᠒᠔ ᠣᠨ ᠳ᠋ᠤ ᠠᢈᠢᠴᠠ ᠲᠠᠢ ᠦᠨᠡᠯᠡᢉᠳᠡᢉᠰᠡᠨ᠃ ᠨᠦᠪ- ᠠ᠋ᠴᠠ ᠭᠠᠷᠭᠠᠳᠠᠭ ᠴᠠᢈᠢᠮ ᠵᠠᠰᠠᠭᠯᠠᠯ ᠤ᠋ᠨ ᠢᠨ᠋ᠳᠧᠻᠰ ᠢ᠋ᠶᠡᠷ ᠮᠣᠩᠭᠣᠯ ᠑᠙᠓ ᠤᠯᠤᠰ ᠠ᠋ᠴᠠ ᠔᠖ ᠳ᠋᠋ᠤᠭᠠᠷ ᠪᠠᠶᠢᠷᠢ ᠳ᠋ᠤ᠂ ᠠᠽᠢ ᠲᠢᠢᠪ ᠦ᠋ᠨ ᢈᠡᠮᠵᠢᠶᠡᠨ ᠳ᠋ᠦ ᠑᠓ ᠳ᠋ᠤᠭᠠᠷ ᠪᠠᠶᠢᠷᠢ ᠳ᠋ᠤ ᠡᠷᠢᠮᠪᠡᠯᠡᢉᠳᠡᠵᠦ ᠪᠠᠶᠢᠨᠠ᠃ ᠡᠨᠡ ᠦᠵᠡᢉᠦᠯᠦᠯᠲᠡ ᠨᠢ ᠴᠠᢈᠢᠮ ᠲᠥᠷᠦ ᠶ᠋ᠢᠨ ᠦᠢᠯᠡᠴᠢᠯᠡᢉᠡᠨ ᠦ᠋ ᠴᠠᠷ ᢈᠦᠷᠢᠶᠡ᠂ ᠦᠷᠡ ᠳ᠋ᠦᠩ ᠦ᠋ᠨ ᠣᠯᠠᠨ ᠤᠯᠤᠰ ᠤ᠋ᠨ ᠪᠠᠲᠤᠯᠠᠭᠠ ᠪᠣᠯᠵᠤ ᠪᠠᠶᠢᠨᠠ᠃
ᢉᠡᠪᠡᠴᠦ ᠮᠡᠷᢉᠡᠵᠢᠯᠲᠡᠨ ᠨᠦ᠋ᢉᠦᠳ ᠦ᠋ᠨ ᠦᠵᠡᠵᠦ ᠪᠤᠢ ᠪᠠᠷ ᠲᠥᠷᠦ ᠶ᠋ᠢᠨ ᠴᠠᢈᠢᠮ ᠰᠢᠯᠵᠢᠯᠲᠡ ᠵᠣᠭᠰᠤᠯᠲᠠ ᠦᢉᠡᠢ ᠦᠷᢉᠦᠯᠵᠢᠯᠡᢈᠦ ᠱᠠᠭᠠᠷᠳᠠᠯᠭᠠ ᠲᠠᠢ᠃ ᠴᠠᠭᠠᠰᠢᠳᠠ ᢈᠢᠮᠡᠯ ᠣᠶᠤᠨ ᠤᠬᠠᠭᠠᠨ᠂ ᠳ᠋ᠠᠲ᠋ᠠ ᠠᠨᠠᠯᠢᠽᠢ᠂ ᠠᠦ᠋ᠲ᠋ᠣᠮᠠᠲ ᠬᠠᠷᠢᠭᠤᠯᠠᠭᠴᠢ ᠵᠡᠷᢉᠡ ᠳᠡᠪᠰᠢᠯᠲᠡᠲᠦ ᠰᠢᠢᠳᠦᠯ ᠦ᠋ᠳ ᠢ᠋ ᠨᠡᠪᠲᠡᠷᠡᢉᠦᠯᢈᠦ ᠵᠠᠮ ᠢ᠋ᠶᠠᠷ ᠲᠥᠷᠦ ᠶ᠋ᠢᠨ ᠦᠢᠯᠡᠴᠢᠯᠡᢉᠡᠨ ᠦ᠋ ᢈᠦᠨᠳᠦ ᠰᠤᠷᠲᠠᠯ ᠢ᠋ ᠪᠦᠷᠢᠨ ᠠᠷᠢᠯᠭᠠᠵᠤ᠂ ᠢᠯᠡ ᠲᠣᠳᠤ᠂ ᠰᠢᠭᠤᠷᠬᠠᠢ ᠲᠥᠷᠦ ᠶ᠋ᠢᠨ ᠲᠣᠭᠲᠠᠯᠴᠠᠭᠠ ᠶ᠋ᠢ ᠪᠤᠢ ᠪᠣᠯᠭᠠᠬᠤ ᢈᠡᠷᠡᢉᠴᠡᢉᠡ ᠪᠤᠢ᠃
ᠥᠨᠦᠳᠦᠷ ᠦ᠋ᠨ ᠪᠣᠳᠠᠲᠤ ᠦᠷᠡ ᠳ᠋ᠦᠩ᠂ ᠣᠯᠠᠨ ᠤᠯᠤᠰ ᠤ᠋ᠨ ᠦᠨᠡᠯᠡᢉᠡᠨ ᠦ᠋ ᠬᠠᠵᠠᠭᠤ ᠪᠠᠷ ᠮᠣᠩᠭᠣᠯ ᠤᠯᠤᠰ ᠴᠠᢈᠢᠮ ᠵᠠᠰᠠᠭᠯᠠᠯ ᠤ᠋ᠨ ᠳᠠᠷᠠᠭᠠ ᠶ᠋ᠢᠨ ᠱᠠᠲᠤ ᠤᠷᠤᠭᠤ ᠰᠢᠯᠵᠢᢈᠦ᠂ ᠢᠷᢉᠡᠳ᠂ ᠪᠢᠽᠢᠨᠧᠰ ᠡᠷᢈᠢᠯᠡᢉᠴᠢᠳ ᠲᠦ ᠡᢉᠡᠯᠢᠲᠡᠢ ᠲᠥᠷᠦ ᠶ᠋ᠢᠨ ᠦᠢᠯᠡᠴᠢᠯᠡᢉᠡ ᠶ᠋ᠢ ᠤᠯᠠᠮ ᠪᠣᠯᠪᠠᠰᠤᠷᠠᠩᠭᠤᠢ ᠪᠣᠯᠭᠠᠬᠤ ᠱᠠᠭᠠᠷᠳᠠᠯᠭᠠ ᠪᠤᠢ ᠪᠣᠯᠤᠭᠰᠠᠭᠠᠷ ᠪᠠᠶᠢᠨᠠ᠃