ᠢᠷᢉᠡᠳ ᠪᠢᠳᠡ ᠪᠦᢈᠦᠨ ᠳ᠋ᠦ ᠲᠣᠳᠤᠷᠬᠠᠢ ᠰᠢᠯᠲᠠᠭᠠᠨ ᠤ᠋ ᠤᠯᠠᠮ ᠠ᠋ᠴᠠ ᠪᠠᠷᠢᠮᠲᠠ ᠪᠢᠴᠢᢉ ᠢ᠋ᠶᠡᠨ ᠨᠣᠲ᠋ᠠᠷᠢᠶᠠᠲ ᠢ᠋ᠶᠠᠷ ᠪᠠᠲᠤᠯᠠᠭᠠᠵᠢᠭᠤᠯᠬᠤ ᠠ᠋ᠴᠠ ᠡᢈᠢᠯᠡᢉᠡᠳ ᠲᠤᠬᠠᠢ ᠶ᠋ᠢᠨ ᠪᠠᠷᠢᠮᠲᠠ ᠶ᠋ᠢ ᠪᠠᠶᠢᠩᠭᠤ ᠶ᠋ᠢᠨ ᠬᠠᠳᠠᠭᠠᠯᠠᠬᠤ᠂ ᢈᠡᠷᠡᢉᠲᠡᠢ ᠦᠶᠡ ᠳ᠋ᠦ ᠵᠠᠷᠢᠮ ᠳ᠋ᠠᠭᠠᠨ ᠬᠠᠶᠠᠵᠤ ᢉᠡᢉᠡᢈᠦ ᠲᠣᢈᠢᠶᠠᠯᠳᠤᠯ ᠭᠠᠷᠳᠠᠭ ᠪᠠᠶᠢᠭᠰᠠᠨ᠃ ᠬᠠᠷᠢᠨ ᠨᠣᠲ᠋ᠠᠷᠢᠶᠠᠲ ᠲᠠᠢ ᠬᠣᠯᠪᠤᠭᠠᠲᠠᠢ ᠦᠢᠯᠡᠴᠢᠯᠡᢉᠡ ᠨᠦ᠋ᢉᠦᠳ ᠴᠠᢈᠢᠮ ᠳ᠋ᠤ ᠰᠢᠯᠵᠢᢉᠰᠡᠨ ᠢ᠋ᠶᠡᠷ ᠪᠠᠲᠤᠯᠠᠭᠠᠵᠢᠭᠰᠠᠨ ᠪᠠᠷᠢᠮᠲᠠ ᠪᠢᠴᠢᢉ ᠢ᠋ᠶᠡᠨ ᠰᠢᠭᠤᠳ ᠴᠠᢈᠢᠮ ᠢ᠋ᠶᠠᠷ ᠬᠠᠷᠠᠬᠤ᠂ ᠲᠠᠲᠠᠵᠤ ᠠᠪᠬᠤ᠂ ᠢᠯᠡᢉᠡᢈᠦ ᠪᠣᠯᠤᠮᠵᠢ ᠪᠦᠷᠢᠳᠦᢉᠰᠡᠨ᠃ ᢉᠡᢈᠦ ᠳ᠋ᠦ ᠪᠡᠨ ᠢᠷᢉᠡᠳ ᠦ᠋ᠨ ᠬᠤᠪᠢ ᠳ᠋ᠤ ᠮᠡᠳᠡᠯᢉᠡ᠂ ᠮᠡᠳᠡᢉᠡᠯᠡᠯ ᠢ᠋ᠶᠡᠨ ᠬᠠᠩᠭᠠᠯᠲᠠᠲᠠᠢ ᢈᠡᠮᠵᠢᠶᠡᠨ ᠳ᠋ᠦ ᠠᠪᠴᠤ ᠴᠢᠳᠠᠭᠠ ᠦᢉᠡᠢ ᠡᠴᠡ ᠰᠢᠯᠲᠠᠭᠠᠯᠠᠨ ᠪᠡᠶᠡᠴᠢᠯᠡᠨ ᠯᠠᠪᠯᠠᠭᠠ ᠲᠣᠳᠤᠷᠬᠠᠶᠢᠯᠠᠯᠲᠠ ᠠᠪᠬᠤ ᠲᠣᢈᠢᠶᠠᠯᠳᠤᠯ ᢈᠡᠪ ᠢ᠋ᠶᠡᠷ ᠪᠠᠶᠢᠨᠠ᠃ ᠡᢉᠦᠨ ᠲᠡᠢ ᠬᠣᠯᠪᠤᠭᠠ ᠲᠠᠢ ᠪᠠᠷ “ᠢ-ᠮᠣᠩᠭᠤᠯ ᠠᠻᠠᠳ᠋ᠧᠮᠢ” ᠤᠲᠤᠭ᠂ ᠮᠣᠩᠭᠣᠯ ᠤ᠋ᠨ ᠨᠣᠲ᠋ᠠᠷᠢᠶᠠᠲ᠋ᠴᠢᠳ ᠤ᠋ᠨ ᠲᠠᠩᢈᠢᠮ ᠲᠠᠢ ᠴᠠᠭᠠᠰᠢᠳᠠ ᠴᠠᢈᠢᠮᠵᠢᠭᠰᠠᠨ ᠦᠢᠯᠡᠴᠢᠯᠡᢉᠡ ᠨᠦ᠋ᢉᠦᠳ ᠢ᠋ ᠢᠷᢉᠡᠳ ᠲᠦ ᠰᠤᠷᠲᠠᠯᠴᠢᠯᠠᠬᠤ᠂ ᠮᠡᠳᠡᢉᠡ ᠮᠡᠳᠡᢉᠡᠯᠡᠯ ᠢ᠋ ᠣᠯᠠᠨ ᠲᠠᠯᠠᠲᠤ ᠰᠤᠪᠠᠭ ᠢ᠋ᠶᠠᠷ ᢈᠦᠷᢈᠡᢈᠦ᠂ ᢈᠦᠷᠲᠡᢉᠡᠮᠵᠢ ᠶ᠋ᠢ ᠨᠡᠮᠡᢉᠳᠡᢉᠦᠯᢈᠦ ᠴᠢᢉᠯᠡᠯ ᠢ᠋ᠶᠡᠷ ᠬᠠᠮᠲᠤᠷᠠᠭᠰᠠᠨ ᠠᠭᠤᠯᠵᠠᠯᠲᠠ ᠶ᠋ᠢ ᠵᠣᢈᠢᠶᠠᠨ ᠪᠠᠶᠢᠭᠤᠯᠤᠭᠰᠠᠨ ᠶᠤᠮ᠃
ᠨᠣᠲ᠋ᠠᠷᠢᠶᠠᠲ ᠲᠠᠢ ᠬᠣᠯᠪᠤᠭᠠᠲᠠᠢ ᠡᠳᠡᢉᠡᠷ ᠦᠢᠯᠡᠴᠢᠯᠡᢉᠡ ᠨᠦ᠋ᢉᠦᠳ ᠨᠢ ᢈᠥᠷᠦᠩᢉᠡ᠂ ᠡᠷᢈᠡ ᠮᠡᠳᠡᠯ᠂ ᠡᢉᠦᠷᢉᠡ ᠬᠠᠷᠢᠭᠤᠴᠠᠯᠭᠠ ᠬᠤᠪᠢᠶᠠᠯᠴᠠᠵᠤ ᠪᠤᠢ ᢈᠦᠮᠦᠨ ᠪᠦᠷᠢ ᠳ᠋ᠦ ᠨᠣᠲ᠋ᠠᠷᠢᠶᠠᠲ ᢈᠡᠷᠡᢉ ᠪᠣᠯᠳᠠᠭ ᢉᠡᠵᠦ ᠣᠶᠢᠯᠠᠭᠠᠵᠤ ᠪᠣᠯᠤᠨᠠ᠃
E-Mongolia ᠰᠢᠰᠲ᠋ᠧᠮ ᠡᠴᠡ ᠰᠢᠭᠤᠳ ᠠᠪᠴᠤ ᠪᠣᠯᠬᠤ ᠦᠶᠢᠯᠡᠴᠢᠯᠡᢉᠡ ᠨᠦ᠋ᢉᠦᠳ:
- ᠨᠣᠲ᠋ᠠᠷᠢᠶᠠᠲ ᠢ᠋ᠶᠠᠷ ᢉᠡᠷᠡᠴᠢᠯᠡᢉᠦᠯᠦᢉᠰᠡᠨ ᠦᠶᠢᠯᠡᠳᠦᠯ ᠦ᠋ᠨ ᠠᠷᢈᠢᠸ ᠤ᠋ᠨ ᠬᠠᠭᠤᠯᠪᠤᠷᠢ ᠠᠪᠬᠤ
- ᠨᠣᠲ᠋ᠠᠷᠢᠶᠠᠲ ᠤ᠋ᠨ ᠦᠶᠢᠯᠡᠳᠦᠯ ᢉᠡᠷᠡᠴᠢᠯᠡᢉᠦᠯᠦᢉᠰᠡᠨ ᠡᠰᠡᢈᠦ ᠯᠠᠪᠯᠠᠭᠠ
- ᠨᠣᠲ᠋ᠠᠷᠢᠶᠠᠲ ᠢ᠋ᠶᠠᠷ ᢉᠡᠷᠡᠴᠢᠯᠡᢉᠦᠯᠦᢉᠰᠡᠨ ᠲᠡᢉᠡᢉᠡᠪᠦᠷᠢ ᠶ᠋ᠢᠨ ᢈᠡᠷᠡᢉᠰᠡᠯ ᠦ᠋ᠨ ᢉᠡᠷᠡ ᠶ᠋ᠢᠨ ᠯᠠᠪᠯᠠᠭᠠ
- ᠨᠣᠲ᠋ᠠᠷᠢᠶᠠᠲ ᠢ᠋ᠶᠠᠷ ᢉᠡᠷᠡᠴᠢᠯᠡᢉᠦᠯᠦᢉᠰᠡᠨ ᠢᠲᠡᢉᠡᠮᠵᠢᠯᠡᠯ ᠦ᠋ᠨ ᠯᠠᠪᠯᠠᠭᠠ
- ᢈᠢᠯᠢ ᠶ᠋ᠢᠨ ᠴᠢᠨᠠᠳᠤ ᠳ᠋ᠤ ᠡᢉᠦᠷᢉᠡ ᢉᠦᠢᠴᠡᠳᢈᠡᢉᠴᠢ ᠪᠡᠷ ᢉᠡᠷᠡᠴᠢᠯᠡᢉᠦᠯᠦᢉᠰᠡᠨ ᠢᠲᠡᢉᠡᠮᠵᠢᠯᠡᠯ ᠦ᠋ᠨ ᠯᠠᠪᠯᠠᠭᠠ ᠵᠡᠷᢉᠡ ᠪᠠᠭᠲᠠᠵᠤ ᠪᠠᠶᠢᠨᠠ
ᠨᠣᠲ᠋ᠠᠷᠢᠶᠠᠲ ᠤ᠋ᠨ ᠦᠢᠯᠡᠴᠢᠯᠡᢉᠡ ᠶᠠᠭᠤᠨ ᠳ᠋ᠤ ᢈᠡᠷᠡᢉᠲᠡᠢ ᠪᠤᠢ?
- ᠢᠷᢉᠡᠳ
- ᠬᠤᠪᠢ ᠶ᠋ᠢᠨ ᠥᠮᠴᠢ ᠪᠡᠨ (ᠭᠠᠵᠠᠷ᠂ ᠪᠠᠶᠢᠰᠢᠩ᠂ ᠮᠠᠱᠢᠨ) ᠵᠠᠷᠤᠵᠤ᠂ ᠰᠢᠯᠵᠢᢉᠦᠯᢈᠦ ᠳ᠋ᠦ;
- ᠢᠲᠡᢉᠡᠮᠵᠢᠯᠡᠯ ᢈᠢᢈᠦ ᠳ᠋ᠡᢉᠡᠨ (ᠥᢉᠡᠷᠡ ᢈᠦᠮᠦᠨ ᠢ᠋ᠶᠡᠷ ᠲᠥᠯᠦᢉᠡᠯᠡᢉᠦᠯᢈᠦ ᠳ᠋ᠡᢉᠡᠨ);
- ᢉᠡᠷ ᠪᠦᠯᠢ ᠰᠠᠯᠤᠯᠲᠠ᠂ ᢉᠡᠷᠯᠡᠯᠲᠡ ᠪᠠᠲᠤᠯᠠᠬᠤ ᠵᠡᠷᢉᠡ ᠡᠷᢈᠡ ᠵᠦᠢ ᠶ᠋ᠢᠨ ᠬᠠᠷᠢᠯᠴᠠᠭᠠᠨ ᠳ᠋ᠤ;
- ᠥᠪ ᠵᠠᠯᠭᠠᠮᠵᠢᠯᠠᠯ ᠲᠠᠢ ᠬᠣᠯᠪᠤᠭᠠ ᠲᠠᠢ ᠠᠰᠠᠭᠤᠳᠠᠯ ᠰᠢᠶᠢᠳᠪᠦᠷᠢᠯᠡᢈᠦ ᠳ᠋ᠡᢉᠡᠨ;
- ᠭᠠᠳᠠᠭᠠᠳᠤ ᠳ᠋ᠤ ᠰᠤᠷᠬᠤ᠂ ᠠᠵᠢᠯᠯᠠᠬᠤ ᠳ᠋ᠠᠭᠠᠨ ᠪᠢᠴᠢᢉ ᠪᠠᠷᠢᠮᠲᠠ ᠪᠠᠨ ᠪᠠᠲᠤᠯᠠᠭᠠᠵᠢᠭᠤᠯᠬᠤ ᠳ᠋ᠠᠭᠠᠨ;
- ᠪᠢᠽᠢᠨᠧᠰ ᠡᠷᢈᠢᠯᠡᢉᠴᠢ (ᠠᠨ᠂ ᠻᠣᠮᠫᠠᠨᠢ ᠨᠤᠭᠤᠳ)
- ᢉᠡᠷᠡ ᢈᠡᠯᠡᠴᠡᠯ ᠪᠠᠶᠢᠭᠤᠯᠬᠤ ᠳ᠋ᠠᠭᠠᠨ;
- ᠦᠶᠢᠯᠡ ᠠᠵᠢᠯᠯᠠᠭᠠ ᠪᠠᠨ ᠬᠠᠤᠯᠢ ᠶᠣᠰᠤᠨ ᠤ᠋ ᠪᠣᠯᠭᠠᠬᠤ ᠳ᠋ᠤ (ᠲᠦᠷᠢᠶᠡᠰᠦ᠂ ᠬᠠᠮᠲᠤ ᠶ᠋ᠢᠨ ᠠᠵᠢᠯᠯᠠᠭᠠᠨ ᠤ᠋ ᢉᠡᠷᠡ ᢉᠡ᠂ ᠮ᠂)
- ᠪᠠᠷᠢᠮᠲᠠ ᠪᠢᠴᠢᢉ᠂ ᠢᠲᠡᢉᠡᠮᠵᠢᠯᠡᠯ᠂ ᠲᠥᠯᠦᢉᠡᠯᠡᢈᠦ ᠡᠷᢈᠡ ᠪᠡᠨ ᠪᠠᠲᠤᠯᠠᠭᠠᠵᠢᠭᠤᠯᠬᠤ ᠳ᠋ᠠᠭᠠᠨ;
- ᠭᠠᠳᠠᠭᠠᠳᠤ ᠳ᠋ᠤ ᠵᠣᠷᠴᠢᠬᠤ᠂ ᠠᠮᠢᠳᠤᠷᠠᠬᠤ
- ᠳ᠋ᠢᠫᠯᠣᠮ᠂ ᠲᠥᠷᠦᢉᠰᠡᠨ ᠦ᠋ ᢉᠡᠷᠡᠴᠢᠯᠡᢉᠡ ᠵᠡᠷᢉᠡ ᠪᠠᠷᠢᠮᠲᠠ ᠶ᠋ᠢ ᠣᠯᠠᠨ ᠤᠯᠤᠰ ᠲᠤ ᢈᠦᠴᠦᠨ ᠲᠡᠢ ᠪᠣᠯᠭᠠᠬᠤ ᠳ᠋ᠠᠭᠠᠨ;
- ᠣᠷᠴᠢᠭᠤᠯᠤᠭᠰᠠᠨ ᠪᠢᠴᠢᢉ ᠪᠠᠷᠢᠮᠲᠠ ᠪᠠᠨ ᠪᠠᠲᠤᠯᠠᠭᠠᠵᠢᠭᠤᠯᠬᠤ ᠳ᠋ᠠᠭᠠᠨ;
ᠢᠷᢉᠡᠨ᠂ ᠬᠠᠤᠯᠢ ᠶ᠋ᠢᠨ ᠡᠲᠡᢉᠡᠳ ᠨᠢ ᠒᠐᠒᠒ ᠣᠨ ᠤ᠋ ᠐᠑ ᠰᠠᠷᠠ ᠠ᠋ᠴᠠ ᠡᠮᠦᠨᠡ ᠨᠣᠲ᠋ᠠᠷᠢᠶᠠᠲ᠋ᠴᠢ ᠪᠠᠷ ᢉᠡᠷᠡᠴᠢᠯᠡᢉᠦᠯᠦᢉᠰᠡᠨ ᠪᠠᠷᠢᠮᠲᠠ ᠶ᠋ᠢᠨ ᠲᠠᠯᠠᠭᠠᠷᢈᠢ ᠮᠡᠳᠡᢉᠡᠯᠡᠯ ᠢ᠋ ᠑᠑᠓᠕᠔᠓᠐᠒ ᠳ᠋ᠤᠭᠠᠷ ᠤ᠋ᠨ ᠤᠲᠠᠰᠤ ᠪᠠᠷ ᠯᠠᠪᠯᠠᠬᠤ᠂ ᠢᠲᠡᢉᠡᠮᠵᠢᠯᠡᠯ ᢉᠡᠷᠡᠴᠢᠯᠡᢉᠰᠡᠨ ᠨᠣᠲ᠋ᠠᠷᠢᠶᠠᠲ᠋ᠴᠢ ᠶ᠋ᠢᠨ ᠨᠡᠷᠡ ᠶ᠋ᠢ ᠮᠡᠳᠡᠵᠦ ᠪᠠᠶᠢᠭᠠ ᠲᠣᢈᠢᠶᠠᠯᠳᠤᠯ ᠳ᠋ᠤ ᠮᠣᠩᠭᠣᠯ ᠤ᠋ᠨ ᠨᠣᠲ᠋ᠠᠷᠢᠶᠠᠲ᠋ᠴᠢᠳ ᠤ᠋ᠨ ᠲᠠᠩᢈᠢᠮ ᠤ᠋ᠨ notary᠃ mn ᠴᠠᢈᠢᠮ ᠬᠠᠭᠤᠳᠠᠰᠤᠨ ᠠ᠋ᠴᠠ ᠲᠤᠬᠠᠢ ᠶ᠋ᠢᠨ ᠨᠣᠲ᠋ᠠᠷᠢᠶᠠᠲ᠋ᠴᠢ ᠶ᠋ᠢᠨ ᠠᠷᢈᠢᠸ ᠤ᠋ᠨ ᠪᠠᠷᠢᠮᠲᠠ ᠬᠠᠮᠢᠭᠠ ᠬᠠᠳᠠᠭᠠᠯᠠᠭᠳᠠᠵᠤ ᠪᠠᠶᠢᠭᠠ ᠲᠤᠬᠠᠢ ᠮᠡᠳᠡᢉᠡᠯᠡᠯ ᠠᠪᠬᠤ ᠪᠣᠯᠤᠮᠵᠢ ᠲᠠᠢ᠃