᠗ ᠬᠣᠨᠤᠭ ᠤ᠋ᠨ ᠲᠣᠶᠢᠮᠤ


ᢈᠦᠨᠳᠦ ᠰᠤᠷᠲᠠᠯ ᠤ᠋ᠨ ᠢᠨᠳᠧᠻᠰ-ᠲᠥ E-Mongolia᠂ᠹ᠂ E-Business ᠰᠢᠰᠲ᠋ᠧᠮ ᠦ᠋ᠳ ᠨᠢ ᠤᠯᠠᠮᠵᠢᠯᠠᠯᠲᠤ ᠦᠢᠯᠡᠴᠢᠯᠡᢉᠡᠨ ᠡᠴᠡ ᠢᠯᠡᢉᠦᠦ ᢈᠢᠯᠪᠠᠷ᠂ ᢈᠦᠨᠳᠦ ᠰᠤᠷᠲᠠᠯ ᠦᢉᠡᠢ ᢉᠡᠵᠦ ᠦᠨᠡᠯᠡᢉᠳᠡᠯ᠎ᠡ

ᠮᠣᠩᠭᠣᠯ ᠤ᠋ᠨ ᠲᠥᠷᠦ ᠶ᠋ᠢᠨ ᠦᠢᠯᠡᠴᠢᠯᠡᢉᠡ ᠣᠯᠠᠨ ᠵᠢᠯ ᠢᠷᢉᠡᠳ᠂ ᠪᠢᠽᠢᠨᠧᠰ ᠡᠷᢈᠢᠯᠡᢉᠴᠢᠳ ᠲᠦ ᢈᠦᠨᠳᠦᠷᠡᠯ ᠪᠡᠷᢈᠡᠰᠢᠶᠡᠯ ᠤᠴᠠᠷᠠᠭᠤᠯᠵᠤ ᠢᠷᠡᢉᠰᠡᠨ “ᢈᠦᠨᠳᠦ ᠰᠤᠷᠲᠠᠯ” ᢈᠡᠮᠡᢈᠦ ᠣᠶᠢᠯᠠᠭᠠᠯᠲᠠ ᠶ᠋ᠢ ᠠᠷᠢᠯᠭᠠᠬᠤ ᠴᠢᢉᠯᠡᠯ ᠳ᠋ᠦ ᠳᠣᠷᠪᠢᠲᠠᠢ ᠠᠯᠬᠤᠮ ᢈᠢᢉᠳᠡᢉᠡᠳ ᠶᠠᠪᠤᠵᠤ ᠪᠠᠶᠢᠭ᠎ᠠ ᠨᠢ ᠵᠢᠯ ᠢᠷᠡᢈᠦ ᠲᠤᠰᠤᠮ ᠮᠡᠳᠡᢉᠳᠡᢈᠦᠶᠢᠴᠡ ᠠᠩᠵᠠᠭᠠᠷᠠᠭᠳᠠᠵᠤ ᠪᠠᠶᠢᠭ᠎ᠠ ᠪᠢᠯᠡ᠃  ᠮᠣᠩᠭᠤᠯ ᠤ᠋ᠨ ᠦᠨᠳᠦᠰᠦᠨ ᠦ᠋ ᠬᠤᠳᠠᠯᠳᠤᠭ᠎ᠠ ᠠᠵᠤ ᠦᠶᠢᠯᠡᠳᠪᠦᠷᠢ ᠶ᠋ᠢᠨ ᠲᠠᠩᢈᠢᠮ (ᠮᠦᢈᠡᠦᠲᠡ)- ᠠ᠋ᠴᠠ ᠒᠐ ᠵᠢᠯ ᠦ᠋ᠨ ᠲᠤᠷᠰᠢ ᢈᠢᠵᠦ ᠪᠤᠢ “ᢈᠦᠨᠳᠦ ᠰᠤᠷᠲᠠᠯ ᠤ᠋ᠨ ᠢᠨᠳᠧᠻᠰ” ᠰᠤᠳᠤᠯᠭᠠᠨ ᠤ᠋ ᠒᠐᠒᠔ ᠣᠨ ᠤ᠋ ᠦᠷ᠎ᠡ ᠳ᠋ᠦᠩ ᠢ᠋ᠶᠡᠷ “ᠲᠥᠷᠦ ᠶ᠋ᠢᠨ ᠦᠢᠯᠡᠴᠢᠯᠡᢉᠡᠨ ᠦ᠋ ᠴᠢᠨᠠᠷ᠂ ᢈᠦᠷᠲᠡᢉᠡᠮᠵᠢ ᠰᠠᠶᠢᠵᠢᠷᠠᠭᠰᠠᠨ” ᢉᠡᠰᠡᠨ ᠳ᠋ᠦᠩᠨᠡᠯᠲᠡ ᠭᠠᠷᠴᠡᠢ᠃

ᠰᠤᠳᠤᠯᠭ᠎ᠠ ᠪᠠᠷ ᠲᠥᠷᠦ ᠶ᠋ᠢᠨ ᠦᠢᠯᠡᠴᠢᠯᠡᢉᠡᠨ ᠦ᠋ ᢈᠦᠨᠳᠦ ᠰᠤᠷᠲᠠᠯ ᠤ᠋ᠨ ᠢᠨ᠋ᠳᠧᠻᠰ ᠒᠂᠘᠕ ᠣᠨᠤᠭ᠎ᠠ ᠪᠣᠯᠵᠤ᠂ ᠒᠐᠒᠑ ᠣᠨ ᠤ᠋ ᠰᠤᠳᠤᠯᠭ᠎ᠠ ᠲᠠᠢ ᠬᠠᠷᠢᠴᠠᠭᠤᠯᠬᠤ ᠳ᠋ᠤ ᠔᠂᠘ ᠬᠤᠪᠢ ᠪᠠᠷ ᠥᠰᠦᢉᠰᠡᠨ ᠨᠢ ᠡᠶᠡᠷᢉᠦ ᠦᠵᠡᢉᠦᠯᠦᠯᠲᠡ ᠶᠤᠮ᠃ ᠰᠤᠳᠤᠯᠭᠠᠨ ᠳ᠋ᠤ ᠣᠷᠤᠯᠴᠠᠭᠰᠠᠨ ᠪᠢᠽᠢᠨᠧᠰ ᠡᠷᢈᠢᠯᠡᢉᠴᠢᠳ ᠦ᠋ᠨ ᠳᠡᠶᠢᠯᠦᠩᢈᠢ ᠨᠢ ᠲᠥᠷᠦ ᠶ᠋ᠢᠨ ᠴᠠᢈᠢᠮ ᠰᠢᠰᠲ᠋ᠧᠮ ᠦ᠋ᠳ ᠪᠣᠯᠬᠤ “E-Mongolia” ᠪᠣᠯᠤᠨ “E-Business” ᠫᠯᠠᠲ᠋ᠹᠣᠷᠮ ᠤ᠋ᠳ ᠢ᠋ ᢈᠦᠨᠳᠦ ᠰᠤᠷᠲᠠᠯ ᠢ᠋ ᠪᠠᠭᠤᠷᠠᠭᠤᠯᠬᠤ ᠳ᠋ᠤ ᠪᠣᠳᠠᠲᠤ ᠠᢈᠢᠴᠠ ᠠᠪᠴᠢᠷᠠᠭᠰᠠᠨ ᢈᠡᠮᠡᠨ ᠣᠨᠴᠠᠯᠠᠵᠡᠢ᠃

ᠡᠴᠢᢉᠡ ᠡᢈᠡᠴᠦᠳ E-Mongolia ᠰᠢᠰᠲ᠋ᠧᠮ ᠡᠴᠡ ᢈᠡᠦᢈᠡᠳ ᠢ᠋ᠶᠡᠨ ᠤᠯᠠᠭᠠᠨ ᠪᠤᠷᠬᠠᠨ ᠤ᠋ ᠡᠰᠡᠷᢉᠦ ᠸᠠᠻᠴᠢᠨ ᠳ᠋ᠤ ᠬᠠᠮᠤᠷᠤᠭᠳᠠᠭᠰᠠᠨ ᠡᠰᠡᢈᠦ ᠶ᠋ᠢ ᠰᠢᠯᠭᠠᠭᠠᠷᠠᠢ

ᠤᠷᠢᠨ ᠳᠤᠯᠠᠭᠠᠨ ᠤ᠋ ᠤᠯᠠᠷᠢᠯ ᠢᠷᠡᠵᠦ ᠪᠠᠶᠢᠭ᠎ᠠ ᠡᠳᠡᢉᠡᠷ ᠡᠳᠦᠷ ᠦ᠋ᠳ ᠲᠦ ᠪᠠᠭ᠎ᠠ ᠨᠠᠰᠤᠨ ᠤ᠋ ᢈᠡᠦᢈᠡᠳ ᠦ᠋ᠳ ᠡᠪᠡᠳᠴᠢᠯᠡᢈᠦ ᠲᠣᢈᠢᠶᠠᠯᠳᠤᠯ ᠪᠠᠭ᠎ᠠ ᠦᢉᠡᠢ ᠪᠦᠷᠢᠳᢈᠡᢉᠳᠡᢉᠰᠡᢉᠡᠷ ᠪᠠᠶᠢᠨ᠎ᠠ᠃  ᠤᠯᠠᠭᠠᠨ ᠪᠤᠷᠬᠠᠨ ᠡᠪᠡᠳᠴᠢᠨ ᠨᠢ ᠠᠭᠠᠷ ᠳᠤᠰᠤᠯ ᠤ᠋ᠨ ᠵᠠᠮ ᠢ᠋ᠶᠠᠷ ᠬᠠᠯᠳᠠᠪᠤᠷᠢᠯᠠᠳᠠᠭ ᠪᠥᢉᠡᠳ ᠳᠡᢉᠡᠷᠡᢈᠢ ᠡᠪᠡᠳᠴᠢᠨ ᠢ᠋ᠶᠡᠷ ᠡᠪᠡᠳᠦᢉᠰᠡᠨ ᠒᠐᠐ ᠭᠠᠷᠤᠢ ᢈᠦᠮᠦᠨ ᠳ᠋ᠦ ᠰᠤᠳᠤᠯᠭ᠎ᠠ ᢈᠢᢈᠦ ᠳ᠋ᠦ ᠕᠐ ᠭᠠᠷᠤᠢ ᠬᠤᠪᠢ ᠨᠢ ᠳᠠᠷᠬᠠᠯᠠᠭᠠᠵᠢᠭᠤᠯᠤᠯᠲᠠ ᠳ᠋ᠤ ᠬᠠᠮᠤᠷᠤᠭᠳᠠᠭ᠎ᠠ ᠦᢉᠡᠢ᠂᠓᠐ ᠬᠤᠪᠢ ᠨᠢ ᠪᠦᠷᠢᠨ ᠲᠤᠩ ᠳ᠋ᠤ ᠬᠠᠮᠤᠷᠤᠭᠳᠠᠭ᠎ᠠ ᠦᢉᠡᠢ ᠪᠠᠶᠢᠨ᠎ᠠ᠃

ᠡᠴᠢᢉᠡ ᠡᢈᠡ᠂ ᠠᠰᠠᠷᠠᠨ ᠬᠠᠮᠠᠭᠠᠯᠠᠭᠴᠢᠳ ᢈᠡᠦᢈᠡᠳ ᠦ᠋ᠨ ᠢ᠋ᠶᠡᠨ ᠤᠯᠠᠭᠠᠨ ᠪᠤᠷᠬᠠᠨ ᠤ᠋ ᠡᠰᠡᠷᢉᠦ ᠸᠠᠻᠼᠢᠨ ᠳ᠋ᠤ ᠬᠠᠮᠤᠷᠤᠭᠳᠠᠭᠰᠠᠨ ᠡᠰᠡᢈᠦ ᠶ᠋ᠢ E-Mongolia ᠰᠢᠰᠲ᠋ᠧᠮ ᠡᠴᠡ ᠥᠪᠡᠷ ᠦ᠋ᠨ ᠪᠦᠷᠢᠳᢈᠡᠯ ᠢ᠋ᠶᠡᠷ ᠢ᠋ᠶᠡᠨ ᠨᠡᠪᠲᠡᠷᠡᠨ ᠰᠢᠯᠭᠠᠬᠤ ᠪᠣᠯᠤᠮᠵᠢ ᠲᠠᠢ ᠪᠥᢉᠡᠳ ᢈᠡᠷᠪᠡ ᠬᠠᠮᠤᠷᠤᠭᠳᠠᠭᠰᠠᠨ ᠲᠣᢈᠢᠶᠠᠯᠳᠤᠯ ᠳ᠋ᠤ ᠳᠠᠷᠠᠭ᠎ᠠ ᠶ᠋ᠢᠨ ᠲᠤᠩ ᠢ᠋ ᠨᠢ ᢈᠡᠵᠢᠶ᠎ᠡ ᢈᠢᠯᢉᠡᢈᠦ ᠶᠣᠰᠤᠲᠠᠢ ᠲᠠᠯᠠᠭᠠᠷ ᠴᠤ ᠮᠡᠳᠡᢉᠳᠡᠯ ᠰᠠᠨᠠᠭᠤᠯᠭ᠎ᠠ ᠢᠷᠡᠳᠡᢉ ᠪᠠᠶᠢᠨ᠎ᠠ᠃

ᠠᠯᠤᠰ ᠤ᠋ᠨ ᠬᠠᠷᠠᠭ᠎ᠠ᠒᠐᠕᠐ ᠤᠷᠲᠤ ᠬᠤᠭᠤᠴᠠᠭᠠᠨ ᠤ᠋ ᢈᠥᢉᠵᠢᠯ ᠦ᠋ᠨ ᠪᠣᠳᠤᠯᠭ᠎ᠠ ᠶ᠋ᠢᠨ ᠸᠢᠳᠧᠤ ᢈᠢᠴᠢᠶᠡᠯ ᠦ᠋ᠳ ᠢ᠋ Digitaledumn ᠫᠯᠠᠲ᠋ᠹᠣᠷᠮ ᠢ᠋ᠶᠠᠷ ᠳᠠᠮᠵᠢᠭᠤᠯᠤᠨ ᠴᠠᢈᠢᠮ ᢈᠡᠯᠪᠡᠷᠢ ᠪᠡᠷ ᠦᠵᠡᢈᠦ ᠪᠣᠯᠤᠮᠵᠢ ᠲᠠᠢ ᠪᠣᠯᠤᠯ᠎ᠠ

“ᠢ-ᠮᠣᠩᠭᠤᠯ ᠠᠻᠠᠳ᠋ᠧᠮᠢ” ᠤᠲᠤᠭ ᠨᠢ ᠪᠦᢈᠦ ᠨᠡᠶᠢᠲᠡ ᠶ᠋ᠢᠨ ᠴᠠᢈᠢᠮ ᠤᠷ᠎ᠠ ᠴᠢᠳᠠᠪᠤᠷᠢ ᠶ᠋ᠢ ᠳᠡᢉᠡᢉᠰᠢᠯᠡᢉᠦᠯᢈᠦ᠂ ᠲᠣᠭᠠᠨ ᠲᠡᢉᠰᠢ ᠪᠤᠰᠤ ᠪᠠᠶᠢᠳᠠᠯ ᠢ᠋ ᠪᠠᠭᠤᠷᠠᠭᠤᠯᠬᠤ ᠵᠣᠷᠢᠯᠭ᠎ᠠ ᠪᠠᠷ “Digital᠃ edu᠃ mn” ᠴᠠᢈᠢᠮ ᠰᠤᠷᠭᠠᠯᠲᠠ ᠶ᠋ᠢᠨ ᠫᠯᠠᠲ᠋ᠹᠤᠷᠮ ᠢ᠋ ᠠᠮᠵᠢᠯᠲᠠᠲᠠᠢ ᢈᠡᠷᠡᢉᠵᠢᢉᠦᠯᠵᠦ ᠪᠠᠶᠢᠨ᠎ᠠ᠃  ᠡᠨᠡ ᢈᠦ ᠫᠯᠠᠲ᠋ᠹᠣᠷᠮ ᠨᠢ ᠲᠥᠷᠦ ᠶ᠋ᠢᠨ ᠠᠯᠪᠠᠨ ᠬᠠᠭᠠᠭᠴᠢᠳ ᠠ᠋ᠴᠠ ᠡᢈᠢᠯᠡᢉᠡᠳ ᠠᠬᠠᠮᠠᠳ ᠨᠠᠰᠤᠲᠠᠨ᠂ ᢈᠥᢉᠵᠢᠯ ᠦ᠋ᠨ ᠪᠡᠷᢈᠡᠰᠢᠶᠡᠯ ᠲᠡᠢ ᠢᠷᢉᠡᠳ᠂ ᢈᠥᠳᠡᢉᠡ ᠣᠷᠤᠨ ᠨᠤᠲᠤᠭ ᠤ᠋ᠨ ᠣᠷᠤᠰᠢᠨ ᠰᠠᠭᠤᠭᠴᠢᠳ ᠵᠡᠷᢉᠡ ᠣᠯᠠᠨ ᠨᠡᠶᠢᠲᠡ ᠶ᠋ᠢᠨ ᠪᠦᠯᠦᢉ ᠢ᠋ ᠬᠠᠮᠤᠷᠤᠭᠰᠠᠨ ᢈᠦᠷᠲᠡᢉᠡᠮᠵᠢ ᠲᠡᠢ ᠰᠤᠷᠭᠠᠯᠲᠠ ᠶ᠋ᠢᠨ ᠻᠣᠨ᠋ᠲ᠋ᠧᠨ᠋ᠲ᠂ ᠮᠡᠳᠡᢉᠡᠯᠡᠯ ᠢ᠋ ᢈᠦᠷᢈᠡᠵᠦ ᠪᠠᠶᠢᠭ᠎ᠠ ᠶᠤᠮ᠃” цахим сургалтын платформыг амжилттай хэрэгжүүлж байна. Энэхүү платформ нь төрийн албан хаагчдаас эхлээд ахмад настан, хөгжлийн бэрхшээлтэй иргэд, хөдөө орон нутгийн оршин суугчид зэрэг олон нийтийн бүлгийг хамарсан хүртээмжтэй сургалтын контент, мэдээллийг хүргэж байгаа юм.

ᠲᠤᠰ ᠫᠯᠠᠲ᠋ᠹᠣᠷᠮ ᠢ᠋ᠶᠠᠷ ᠳᠠᠮᠵᠢᠭᠤᠯᠤᠨ ᠲᠠ ᠪᠦᢈᠦᠨ ᠴᠠᢈᠢᠮ ᠤᠷ᠎ᠠ ᠴᠢᠳᠠᠪᠤᠷᠢ ᠲᠠᠢ ᠬᠣᠯᠪᠤᠭᠠᠲᠠᠢ ᠭᠠᠷ ᠤ᠋ᠨ ᠠᠪᠤᠯᠭ᠎ᠠ ᠨᠤᠭᠤᠳ ᠲᠠᠢ ᠲᠠᠨᠢᠯᠴᠠᠬᠤ ᠠ᠋ᠴᠠ ᠭᠠᠳᠠᠨ᠎ᠠ᠂ ᠴᠠᢈᠢᠮ ᠤᠷ᠎ᠠ ᠴᠢᠳᠠᠪᠤᠷᠢ ᠶ᠋ᠢ ᠨᠡᠮᠡᢉᠳᠡᢉᠦᠯᢈᠦ ᠳ᠋ᠦ ᠴᠢᢉᠯᠡᢉᠰᠡᠨ ᠸᠢᠳᠧᠣ᠋ ᢈᠢᠴᠢᠶᠡᠯ ᠦ᠋ᠳ ᠢ᠋ ᠴᠠᢈᠢᠮ ᠢ᠋ᠶᠠᠷ ᠬᠠᠮᠢᠭ᠎ᠠ ᠠ᠋ᠴᠠ ᠴᠤ ᠦᠵᠡᢈᠦ ᠪᠣᠯᠤᠮᠵᠢ ᠲᠠᠢ᠃

ᠡᠮᠨᠡᠯᢉᠡ ᠶᠠᠪᠤᠬᠤ ᠦᢉᠡᠢ ᠪᠡᠷ ᢈᠡᠦᢈᠡᠳ ᠦ᠋ᠨ ᠢ᠋ᠶᠡᠨ ᠸᠠᠻᠼᠢᠨ᠋ ᠤ᠋ ᠲᠡᠦᢈᠡ ᠶ᠋ᠢ ᠰᠢᠯᠭᠠᠵᠤ᠂ ᠳᠠᠷᠠᠭ᠎ᠠ ᠶ᠋ᠢᠨ ᠲᠣᠪ ᠢ᠋ ᠴᠠᠭ ᠠᠯᠳᠠᠯ ᠦᢉᠡᠢ ᠮᠡᠳᠡᠵᠦ ᠠᠪᠤᠭᠠᠷᠠᠢ

ᠡᠴᠢᢉᠡ ᠡᢈᠡᠴᠦᠳ ᠲᠠ ᠪᠦᢈᠦᠨ ᠵᠠᠪᠠᠯ ᠡᠮᠨᠡᠯᢉᠡ ᠳ᠋ᠦ ᠪᠡᠶᠡᠴᠢᠯᠡᠨ ᠣᠴᠢᠬᠤ ᠱᠠᠭᠠᠷᠳᠠᠯᠭ᠎ᠠ ᠦᢉᠡᠢ ᠪᠡᠷ ᠲᠥᠷᠦ ᠶ᠋ᠢᠨ ᠦᠶᠢᠯᠡᠴᠢᠯᠡᢉᠡᠨ ᠦ᠋ ᠨᠢᢉᠡᠳᠦᢉᠰᠡᠨ E-Mongolia ᠰᠢᠰᠲ᠋ᠧᠮ ᠡᠴᠡ ᢈᠡᠦᢈᠡᠳ ᠦ᠋ᠨ ᠢ᠋ᠶᠡᠨ ᠳᠠᠷᠬᠠᠯᠠᠭᠠᠵᠢᠭᠤᠯᠤᠯᠲᠠ ᠶ᠋ᠢᠨ ᠮᠡᠳᠡᢉᠡᠯᠡᠯ ᠢ᠋ ᢈᠡᠵᠢᠶ᠎ᠡ ᠴᠤ᠂ ᠬᠠᠮᠢᠭ᠎ᠠ ᠠ᠋ᠴᠠ ᠴᠤ᠂ ᠒᠔/᠗ ᠴᠠᢈᠢᠮ ᠢ᠋ᠶᠠᠷ ᢈᠢᠯᠪᠠᠷᠬᠠᠨ ᠠᠪᠤᠭᠠᠷᠠᠢ᠃

ᢈᠡᠦᢈᠡᠳ ᠦ᠋ᠨ ᠢ᠋ᠶᠡᠨ ᠳᠠᠷᠬᠠᠯᠠᠭᠠᠵᠢᠭᠤᠯᠤᠯᠲᠠ ᠶ᠋ᠢᠨ ᠮᠡᠳᠡᢉᠡᠯᠡᠯ ᠢ᠋ ᠴᠠᢈᠢᠮ ᠢ᠋ᠶᠠᠷ ᠠᠪᠤᠭᠰᠠᠨ ᠢ᠋ᠶᠠᠷ:

  • ᠴᠠᠭ ᠵᠠᠪ ᢈᠡᠮᠨᠡᠨ᠎ᠡ
  • ᠸᠠᠻᠼᠢᠨ ᠤ᠋ ᠬᠤᠭᠤᠴᠠᠭ᠎ᠠ ᠶ᠋ᠢ ᠰᠠᠨᠠᠭᠤᠯᠤᠨ᠎ᠠ
  • ᠮᠡᠳᠡᢉᠡᠯᠡᠯ ᠢ᠋ᠶᠡᠨ ᠳᠡᠯᢉᠡᠷᠡᠩᢉᠦᠢ ᢈᠢᠨᠠᠬᠤ ᠪᠣᠯᠤᠮᠵᠢ
  • ᠠᠯᠳᠠᠭ᠎ᠠ ᠭᠠᠷᠬᠤ ᠡᠷᠦᠰᠳᠡᠯ ᠦᢉᠡᠢ
  • ᠲᠠᠲᠠᠬᠤ᠂ ᠢᠯᠡᢉᠡᢈᠦ ᠪᠣᠯᠤᠮᠵᠢ ᠲᠠᠢ

E-Mongolia ᠰᠢᠰᠲ᠋ᠧᠮ ᠦ᠋ᠨ ᢈᠡᠷᠡᢉᠯᠡᢉᠴᠢ ᠪᠣᠯᠬᠤ ᠲᠤᠩ ᠠᠮᠠᠷᠬᠠᠨ

ᠲᠥᠷᠦ ᠶ᠋ᠢᠨ ᠘᠘ ᠪᠠᠶᠢᠭᠤᠯᠤᠯᠭ᠎ᠠ ᠶ᠋ᠢᠨ ᠑᠂᠒᠖᠔ ᠲᠥᠷᠦᠯ ᠦ᠋ᠨ ᠦᠶᠢᠯᠡᠴᠢᠯᠡᢉᠡ ᠶ᠋ᠢ ᠨᠢᢉᠡ ᠳᠣᠣᠷ᠎ᠠ ᠲᠥᠪᠯᠡᠷᠡᢉᠦᠯᠦᢉᠰᠡᠨ E-
Mongolia ᠰᠢᠰᠲ᠋ᠧᠮ ᠢ᠋ ᠲᠠ ᠬᠠᠮᠢᠭ᠎ᠠ ᠠ᠋ᠴᠠ ᠴᠤ᠂ ᢈᠡᠵᠢᠶ᠎ᠡ ᠴᠤ᠂ ᠒᠔/᠗ ᠠᠰᠢᠭᠯᠠᠬᠤ ᠪᠣᠯᠤᠮᠵᠢ ᠲᠠᠢ᠃  ᠮᠣᠩᠭᠣᠯ ᠤᠯᠤᠰ ᠲᠤ ᠪᠣᠯᠤᠨ ᠭᠠᠳᠠᠭᠠᠳᠤ ᠳ᠋ᠤ ᠪᠠᠶᠢᠭ᠎ᠠ ᠢᠷᢉᠡᠳ ᠡᠨᠡ ᢈᠦ ᠰᠢᠰᠲ᠋ᠧᠮ ᠢ᠋ᠶᠡᠷ ᠳᠠᠮᠵᠢᠭᠤᠯᠤᠨ ᠲᠥᠷᠦ ᠶ᠋ᠢᠨ ᠦᠢᠯᠡᠴᠢᠯᠡᢉᠡ ᠶ᠋ᠢ ᠴᠠᠭ ᠠᠯᠳᠠᠬᠤ ᠦᢉᠡᠢ ᠴᠠᢈᠢᠮ ᠢ᠋ᠶᠠᠷ ᠠᠪᠴᠤ ᠪᠠᠶᠢᠨ᠎ᠠ᠃  ᠲᠤᠰ ᠰᠢᠰᠲ᠋ᠧᠮ ᠦ᠋ᠨ ᢈᠡᠷᠡᢉᠯᠡᢉᠴᠢ ᠬᠠᠷᠠᠬᠠᠨ ᠪᠣᠯᠵᠤ ᠠᠮᠵᠢᠭ᠎ᠠ ᠦᢉᠡᠢ ᠪᠣᠯ ᠲᠠ ᠳᠣᠣᠷᠠᢈᠢ ᠠᠯᠬᠤᠮ ᠢ᠋ ᢈᠢᢈᠦ ᠳ᠋ᠦ ᠯᠠ ᠬᠠᠩᠭᠠᠯᠲᠠᠢ᠃  ᠪᠦᠷᠢᠳᢈᠡᢉᠦᠯᢈᠦ ᠳ᠋ᠦ ᠲᠤᠩ ᢈᠢᠯᠪᠠᠷ:

  1. E-Mongolia ᠠᠫᠫᠯᠢᠻᠧᠶᠢᠱᠢᠨ ᠢ᠋ᠶᠡᠨ ᠲᠠᠲᠠᠨ᠎ᠠ᠃
  2. ᠷᠧᢉᠢᠰᠲ᠋ᠧᠷ ᠦ᠋ᠨ ᠳ᠋᠋ᠤᠭᠠᠷ᠂ ᠤᠲᠠᠰᠤᠨ ᠤ᠋ ᠳ᠋ᠤᠭᠠᠷ ᠢ᠋ᠶᠠᠨ ᠣᠷᠤᠭᠤᠯᠤᠭᠠᠳ ᠮᠧᠰᠰᠧᠵ ᠢ᠋ᠶᠡᠷ ᠢᠷᠡᢉᠰᠡᠨ ᠻᠣᠳ᠋ ᠢ᠋ᠶᠠᠷ ᠪᠦᠷᠢᠳᢈᠡᠯ ᠢ᠋ᠶᠡᠨ ᠪᠠᠲᠤᠯᠠᠭᠠᠵᠢᠭᠤᠯᠤᠨ᠎ᠠ᠃
  3. ᠪᠠᠩᠻᠢ ᠶ᠋ᠢᠨ ᠡᠷᢈᠡ ᠪᠡᠷ ᠰᠢᠭᠤᠳ ᠨᠡᠪᠲᠡᠷᠡᢈᠦ ᠡᠰᠡᠪᠡᠯ ᠭᠠᠳᠠᠭᠠᠳᠤ ᠠ᠋ᠴᠠ Lime ᠳ᠋ᠤᠭᠠᠷ ᠠᠰᠢᠭᠯᠠᠨ ᠪᠦᠷᠢᠳᢈᠡᢉᠦᠯᢈᠦ ᠪᠣᠯᠤᠮᠵᠢ ᠲᠠᠢ᠃
  4. ᠲᠥᠷᠦ ᠶ᠋ᠢᠨ ᠴᠠᢈᠢᠮ ᠦᠢᠯᠡᠴᠢᠯᠡᢉᠡᠨ ᠦ᠋ ᢈᠦᠷᠲᠡᢉᠡᠮᠵᠢ ᠶ᠋ᠢ ᠨᠡᠮᠡᢉᠳᠡᢉᠦᠯᠦᢉᠰᠡᢉᠡᠷ ᠪᠠᠶᠢᠨ᠎ᠠ

“ᠢ-ᠮᠣᠩᠭᠤᠯ ᠠᠻᠠᠳ᠋ᠧᠮᠢ” ᠤᠲᠤᠭ- ᠠ᠋ᠴᠠ ᠲᠥᠷᠦ ᠶ᠋ᠢᠨ ᠦᠢᠯᠡᠴᠢᠯᠡᢉᠡ ᠶ᠋ᠢ ᠢᠯᠡᢉᠦᠦ ᢈᠢᠯᠪᠠᠷ᠂ ᠢᠷᢉᠡᠳ ᠲᠦ ᠣᠶᠢᠷ᠎ᠠ᠂ ᢈᠦᠷᠲᠡᢉᠡᠮᠵᠢ ᠲᠡᠢ ᠪᠠᠶᠢᠯᠭᠠᠬᠤ ᠲᠠᠯ᠎ᠠ ᠳᠡᢉᠡᠷ᠎ᠡ ᠢᠯᠡᢉᠦᠦ ᠠᠩᠬᠠᠷᠴᠤ E-Mongolia ᠰᠢᠰᠲ᠋ᠧᠮ ᠳ᠋ᠦ ᠴᠠᢈᠢᠮᠵᠢᠭᠰᠠᠨ ᠪᠠᠶᠢᠭ᠎ᠠ ᠦᠢᠯᠡᠴᠢᠯᠡᢉᠡ ᠨᠦ᠋ᢉᠦᠳ ᠦ᠋ᠨ ᠲᠠᠯᠠᠭᠠᠷ ᠰᠤᠷᠭᠠᠯᠲᠠ᠂ ᠰᠤᠷᠲᠠᠯᠴᠢᠯᠠᠭ᠎ᠠ ᠶ᠋ᠢ ᠡᠷᠴᠢᠮᠵᠢᢉᠦᠯᢈᠦ ᠪᠡᠷ ᠡᠨᠡ ᠳᠣᠯᠤᠭ᠎ᠠ ᠬᠣᠨᠤᠭ ᠲᠤ ᠭᠠᠵᠠᠷ ᠵᠣᢈᠢᠶᠠᠨ ᠪᠠᠶᠢᠭᠤᠯᠤᠯᠲᠠ᠂ ᢉᠧᠣᠳᠧᠽᠢ᠂ ᠵᠢᠷᠤᠭ ᠵᠦᠢ ᠶ᠋ᠢᠨ ᠶᠡᠷᠦᠩᢈᠡᠢ ᠭᠠᠵᠠᠷ᠂ ᠮᠣᠩᠭᠣᠯ ᠤ᠋ᠨ ᠨᠣᠲ᠋ᠠᠷᠢᠶᠠᠲ᠋ᠴᠢᠳ ᠤ᠋ᠨ ᠲᠠᠩᢈᠢᠮ᠂ ᠵᠠᠮ᠂ ᠲᠡᢉᠡᢉᠡᠪᠦᠷᠢ ᠶ᠋ᠢᠨ ᠶᠠᠮᠤᠨ ᠲᠡᢉᠦᠨ ᠦ᠋ ᠬᠠᠷᠢᠶ᠎ᠠ ᠪᠠᠶᠢᠭᠤᠯᠤᠯᠭ᠎ᠠ᠂ ᠬᠠᠤᠯᠢ ᠵᠦᠢ ᠶ᠋ᠢᠨ ᠲᠤᠰᠠᠯᠠᠯᠴᠠᠭᠠᠨ ᠤ᠋ ᠲᠥᠪ ᠦ᠋ᠨ ᢈᠡᠪᠯᠡᠯ ᠮᠡᠳᠡᢉᠡᠯᠡᠯ ᠢ᠋ ᠬᠠᠷᠢᠭᠤᠴᠠᠭᠰᠠᠨ ᠠᠯᠪᠠ ᠬᠠᠭᠠᠭᠴᠢᠳ ᠲᠠᠢ ᠬᠠᠮᠲᠤᠷᠠᠭᠰᠠᠨ ᠠᠭᠤᠯᠵᠠᠯᠲᠠ ᠶ᠋ᠢ ᠵᠣᢈᠢᠶᠠᠨ ᠪᠠᠶᠢᠭᠤᠯᠤᠯ᠎ᠠ᠃

ᠠᠭᠤᠯᠵᠠᠯᠲᠠ ᠪᠠᠷ ᠲᠥᠷᠦ ᠶ᠋ᠢᠨ ᠴᠠᢈᠢᠮ ᠰᠢᠯᠵᠢᠯᠲᠡ᠂ ᠲᠥᠷᠦ ᠶ᠋ᠢᠨ ᠦᠢᠯᠡᠴᠢᠯᠡᢉᠡ ᠶ᠋ᠢ ᠴᠠᢈᠢᠮᠵᠢᠭᠤᠯᠬᠤ᠂ ᠰᠢᠨ᠎ᠡ ᠲᠧᠻᠨᠣᠯᠣᢉᠢ ᠶ᠋ᠢ ᠨᠡᠪᠲᠡᠷᠡᢉᠦᠯᢈᠦ᠂ ᠢᠷᢉᠡᠳ ᠣᠯᠠᠨ ᠨᠡᠶᠢᠲᠡ ᠳ᠋ᠦ ᠲᠥᠷᠦ ᠶ᠋ᠢᠨ ᠦᠢᠯᠡᠴᠢᠯᠡᢉᠡ ᠶ᠋ᠢ ᢈᠦᠷᠲᠡᢉᠡᠮᠵᠢᠲᠡᠢ ᠰᠤᠷᠲᠠᠯᠴᠢᠯᠠᠬᠤ᠂ ᠴᠠᠭᠠᠰᠢᠳᠠ ᠶ᠋ᠢᠨ ᠬᠠᠮᠲᠤ ᠶ᠋ᠢᠨ ᠠᠵᠢᠯᠯᠠᠭ᠎ᠠ ᠶ᠋ᠢ ᠥᠷᢉᠡᠵᠢᢉᠦᠯᢈᠦ ᠴᠢᢉᠯᠡᠯ ᠢ᠋ᠶᠡᠷ ᠲᠥᠯᠦᠪᠯᠡᢉᠡ ᠭᠠᠷᠭᠠᠨ ᢈᠡᠷᠡᢉᠵᠢᠯᠲᠡ ᠶ᠋ᠢ ᠬᠠᠩᠭᠠᠬᠤ ᠲᠠᠯᠠᠭᠠᠷ ᢈᠡᠯᠡᠯᠴᠡᠯ᠎ᠡ᠃

ᠴᠠᠭᠠᠰᠢᠳᠠ ᠪᠤᠰᠤᠳ ᠲᠥᠷᠦ ᠶ᠋ᠢᠨ ᠪᠠᠶᠢᠭᠤᠯᠤᠯᠭ᠎ᠠ ᠲᠠᠢ ᠬᠠᠮᠲᠤ ᠶ᠋ᠢᠨ ᠠᠵᠢᠯᠯᠠᠭ᠎ᠠ ᠶ᠋ᠢ ᠤᠯᠠᠮ ᠥᠷᢉᠡᠵᠢᢉᠦᠯᢈᠦ᠂ ᠢᠷᢉᠡᠳ ᠲᠦ ᠲᠥᠷᠦ ᠶ᠋ᠢᠨ ᠦᠢᠯᠡᠴᠢᠯᠡᢉᠡᠨ ᠦ᠋ ᢈᠦᠷᠲᠡᢉᠡᠮᠵᠢ ᠶ᠋ᠢ ᠰᠠᠶᠢᠵᠢᠷᠠᠭᠤᠯᠬᠤ ᠵᠣᠷᠢᠯᠭ᠎ᠠ ᠪᠠᠷ ᠲᠥᠷᠦ ᠶ᠋ᠢᠨ ᠪᠣᠯᠤᠨ ᠲᠥᠷᠦ ᠶ᠋ᠢᠨ ᠪᠤᠰᠤ ᠪᠠᠶᠢᠭᠤᠯᠤᠯᠭ᠎ᠠ ᠨᠤᠭᠤᠳ ᠲᠠᠢ ᢈᠢᠵᠦ ᠪᠤᠢ ᠠᠭᠤᠯᠵᠠᠯᠲᠠ ᠨᠤᠭᠤᠳ ᠢ᠋ ᠱᠠᠲᠤ ᠳᠠᠷᠠᠭᠠᠲᠠᠢ ᠪᠠᠷ ᠵᠣᢈᠢᠶᠠᠨ ᠪᠠᠶᠢᠭᠤᠯᠤᠭᠰᠠᠭᠠᠷ ᠪᠠᠶᠢᠬᠤ ᠪᠣᠯᠤᠨ᠎ᠠ᠃

ᠨᠡᠶᠢᠲᠡᠯᠡᠭᠰᠡᠨ᠄