“ᠢ-ᠮᠣᠩᠭᠤᠯ ᠠᠻᠠᠳ᠋ᠧᠮᠢ” ᠤᠲᠤᠭ᠂ ᠰᠢᢉᠦᢈᠦ ᠶ᠋ᠢᠨ ᠰᠢᠶᠢᠳᠪᠦᠷᠢ ᢉᠶᠢᠢᠴᠡᠳᢈᠡᢈᠦ ᠶᠡᠷᠦᠩᢈᠡᠢ ᠭᠠᠵᠠᠷ ᠲᠠᠢ ᠬᠠᠮᠲᠤᠷᠠᠨ ᠠᠵᠢᠯᠯᠠᠵᠤ ᠪᠠᠶᠢᠨ᠎ᠠ᠃


“ᠢ-ᠮᠣᠩᠭᠤᠯ ᠠᠻᠠᠳ᠋ᠧᠮᠢ” ᠤᠲᠤᠭ ᠪᠣᠯᠤᠨ ᠰᠢᢉᠦᢈᠦ ᠶ᠋ᠢᠨ ᠰᠢᠶᠢᠳᠪᠦᠷᠢ ᢉᠶᠢᠢᠴᠡᠳᢈᠡᢈᠦ ᠶᠡᠷᠦᠩᢈᠡᠢ ᠭᠠᠵᠠᠷ (ᠱᠱᢈᠦᢉ) ᠬᠠᠮᠲᠤ ᠶ᠋ᠢᠨ ᠠᠵᠢᠯᠯᠠᠭ᠎ᠠ ᠪᠠᠨ ᠡᠷᠴᠢᠮᠵᠢᢉᠦᠯᠵᠦ᠂ ᠠᠯᠪᠠ ᠬᠠᠭᠠᠭᠴᠢᠳ ᠤ᠋ᠨ ᠴᠠᢈᠢᠮ ᠤᠷ᠎ᠠ ᠴᠢᠳᠠᠪᠤᠷᠢ ᠶ᠋ᠢ ᠳᠡᢉᠡᢉᠰᠢᠯᠡᢉᠦᠯᢈᠦ᠂ ᠰᠢᠰᠲ᠋ᠧᠮ ᢈᠥᢉᠵᠢᢉᠦᠯᠦᠯᠲᠡ ᠪᠣᠯᠤᠨ ᠣᠯᠠᠨ ᠨᠡᠶᠢᠲᠡ ᠳ᠋ᠦ ᢈᠦᠷᢈᠦ ᠮᠡᠳᠡᢉᠡᠯᠡᠯ ᠦ᠋ᠨ ᠴᠢᠨᠠᠷ᠂ ᢈᠦᠷᠲᠡᢉᠡᠮᠵᠢ ᠶ᠋ᠢ ᠰᠢᠨ᠎ᠡ ᠲᠦᠪᠰᠢᠨ ᠳ᠋ᠦ ᠭᠠᠷᠭᠠᠬᠤ ᠪᠠᠷ ᠱᠠᠲᠤ ᠳᠠᠷᠠᠭᠠᠯᠠᠭᠰᠠᠨ ᠠᠵᠢᠯ ᠤ᠋ᠳ ᠢ᠋ ᠠᠮᠵᠢᠯᠲᠠᠲᠠᠢ ᢈᠡᠷᠡᢉᠵᠢᢉᠦᠯᠵᠦ ᠪᠠᠶᠢᠨ᠎ᠠ᠃

ᠬᠠᠮᠲᠤ ᠶ᠋ᠢᠨ ᠠᠵᠢᠯᠯᠠᠭᠠᠨ ᠤ᠋ ᢈᠦᠷᠢᠶ ᠡᠨ ᠳ᠋ᠦ:

  • ᠱᠱᢈᠦᢉ- ᠤ᠋ᠨ ᠠᠯᠪᠠ ᠬᠠᠭᠠᠭᠴᠢᠳ ᠢ᠋ ᠴᠠᢈᠢᠮ ᠵᠠᠰᠠᠭᠯᠠᠯ᠂ ᠳᠡᠪᠰᠢᠯᠲᠡᠲᠦ ᠲᠧᠻᠨᠣᠯᠣᢉᠢ ᠶ᠋ᠢᠨ ᠴᠢᢉᠯᠡᠯ ᠢ᠋ᠶᠡᠷ ᠴᠢᠳᠠᠪᢈᠢᠵᠢᠭᠤᠯᠬᠤ ᠰᠤᠷᠭᠠᠯᠲᠠ ᠨᠤᠭᠤᠳ ᠢ᠋ ᠲᠠᠩᢈᠢᠮ ᠪᠣᠯᠤᠨ ᠴᠠᢈᠢᠮ ᠢ᠋ᠶᠠᠷ ᠵᠣᢈᠢᠶᠠᠨ ᠪᠠᠶᠢᠭᠤᠯᠵᠤ ᠪᠠᠶᠢᠨ᠎ᠠ᠃
  • ᠰᠢᢉᠦᢈᠦ ᠶ᠋ᠢᠨ ᠰᠢᠢᠳᠪᠦᠷᠢ ᢉᠦᠢᠴᠡᠳᢈᠡᢈᠦ ᠶᠡᠷᠦᠩᢈᠡᠢ ᠭᠠᠵᠠᠷ ᠤ᠋ᠨ ᠱᠠᠭᠠᠷᠳᠠᠯᠭᠠᠲᠠᠢ ᠯᠠᠪᠯᠠᠭ᠎ᠠ᠂ ᠲᠣᠳᠤᠷᠬᠠᠶᠢᠯᠠᠯᠲᠠ ᠶ᠋ᠢ ᠴᠠᢈᠢᠮᠵᠢᠭᠤᠯᠵᠤ᠂ E-Mongolia ᠰᠢᠰᠲ᠋ᠧᠮ ᠦ᠋ᠨ ᠦᠢᠯᠡᠴᠢᠯᠡᢉᠡ ᠶ᠋ᠢ ᠢᠯᠡᢉᠦᠦ ᢈᠦᠷᠲᠡᢉᠡᠮᠵᠢ ᠲᠡᠢ ᠪᠠᠶᠢᠬᠤ ᠲᠠᠯ᠎ᠠ ᠳᠡᢉᠡᠷ᠎ᠡ ᠠᠩᠬᠠᠷᠴᠤ ᠪᠠᠶᠢᠨ᠎ᠠ᠃
  • ᠻᠣᠨ᠋ᠲ᠋ᠧᠨ᠋ᠲ᠂ ᠮᠡᠳᠡᢉᠡ ᠮᠡᠳᠡᢉᠡᠯᠡᠯ ᠢ᠋ ᠣᠯᠠᠨ ᠨᠡᠶᠢᠲᠡ ᠶ᠋ᠢᠨ ᠰᠦᠯᠵᠢᠶ᠎ᠡ ᠪᠡᠷ ᠢᠳᠡᠪᢈᠢᠲᠡᠢ ᠲᠦᢉᠡᢉᠡᠨ᠂ ᠪᠠᠶᠢᠭᠤᠯᠤᠯᠭ᠎ᠠ ᠨᠤᠭᠤᠳ ᠤ᠋ᠨ ᠢᠯᠡ ᠲᠣᠳᠤ ᠪᠠᠶᠢᠳᠠᠯ ᠢ᠋ ᠪᠡᢈᠢᠵᠢᢉᠦᠯᠵᠦ ᠪᠠᠶᠢᠨ᠎ᠠ᠃

ᠥᠨᠦᠳᠦᠷ ᠦ᠋ᠨ ᠪᠠᠶᠢᠳᠠᠯ ᠢ᠋ᠶᠠᠷ ᠱᠱᢈᠦᢉ- ᠤ᠋ᠨ ᠳᠠᠷᠠᠭᠠᢈᠢ ᠦᠶᠢᠯᠡᠴᠢᠯᠡᢉᠡ ᠨᠦ᠋ᢉᠦᠳ ᠢ᠋ E-Mongolia ᠰᠢᠰᠲ᠋ᠧᠮ ᠢ᠋ᠶᠡᠷ ᠢᠷᢉᠡᠳ ᠠᠪᠬᠤ ᠪᠣᠯᠤᠮᠵᠢ ᠲᠠᠢ ᠪᠣᠯᠤᠭᠰᠠᠨ:

  • ᠰᠢᢉᠦᢈᠦ ᠶ᠋ᠢᠨ ᠰᠢᠶᠢᠳᠪᠦᠷᠢ ᠪᠡᠷ ᠪᠤᠰᠤᠳ ᠲᠤ ᠲᠥᠯᠦᠪᠦᠷᠢ ᠦᢉᠡᠢ ᠡᠰᠡᢈᠦ ᠲᠣᠳᠤᠷᠬᠠᠶᠢᠯᠠᠯᠲᠠ  ᠕᠙᠐᠂᠘᠕᠖ ᠤᠳᠠᠭ᠎ᠠ ᠶ᠋ᠢᠨ ᠬᠠᠨᠳᠤᠯᠲᠠ
  • ᠰᠤᠯᠠᠯᠠᠭᠳᠠᠭᠰᠠᠨ ᠲᠤᠬᠠᠢ ᠲᠣᠳᠤᠷᠬᠠᠶᠢᠯᠠᠯᠲᠠ  ᠓᠙᠐ ᠬᠠᠨᠳᠤᠯᠲᠠ
  • ᠲᠤᠰᠬᠠᠢ ᠠᠷᢈᠢᠸ ᠤ᠋ᠨ ᠯᠠᠪᠯᠠᠭ᠎ᠠ᠂ ᠲᠣᠳᠤᠷᠬᠠᠶᠢᠯᠠᠯᠲᠠ᠂ ᠲᠤᠰᠢᠶᠠᠯ ᠤ᠋ᠨ ᠬᠠᠭᠤᠯᠪᠤᠷᠢ  ᠨᠡᠶᠢᠲᠡ ᠙ ᠬᠠᠨᠳᠤᠯᠲᠠ
  • ᠰᠢᢉᠦᢈᠦ ᠶ᠋ᠢᠨ ᠰᠢᠶᠢᠳᠪᠦᠷᠢ ᢉᠶᠢᠢᠴᠡᠳᢈᠡᢈᠦ ᠶᠡᠷᠦᠩᢈᠡᠢ ᠭᠠᠵᠠᠷ ᠤ᠋ᠨ ᠲᠤᠰᠬᠠᠢ ᠠᠷᢈᠢᠸ  ᠯᠠᠪᠯᠠᠭ᠎ᠠ ᠔

ᠴᠠᠭᠠᠰᠢᠳᠠ ᠲᠠᠯ᠎ᠠ ᠨᠤᠭᠤᠳ ᠬᠠᠮᠲᠤ ᠶ᠋ᠢᠨ ᠠᠵᠢᠯᠯᠠᠭ᠎ᠠ ᠪᠠᠨ ᠤᠯᠠᠮ ᢉᠦᠨᠵᠡᢉᠡᠶᠢᠷᠡᢉᠦᠯᠵᠦ᠂ ᠣᠯᠠᠨ ᠨᠡᠶᠢᠲᠡ ᠳ᠋ᠦ ᠴᠢᢉᠯᠡᢉᠰᠡᠨ ᠠᠷᠭ᠎ᠠ ᢈᠡᠮᠵᠢᠶ᠎ᠡ ᠶ᠋ᠢ ᠥᠷᢉᠡᠨ ᢈᠦᠷᠢᠶᠡᠨ ᠳ᠋ᠦ ᠵᠣᢈᠢᠶᠠᠨ ᠪᠠᠶᠢᠭᠤᠯᠬᠤ ᠵᠣᠷᠢᠯᠲᠠ ᠲᠠᠯᠪᠢᠨ ᠠᠵᠢᠯᠯᠠᠵᠤ ᠪᠠᠶᠢᠭ᠎ᠠ ᠶᠤᠮ᠃

ᠨᠡᠶᠢᠲᠡᠯᠡᠭᠰᠡᠨ᠄