E-Mongolia ᠰᠢᠰᠲ᠋ᠧᠮ ᠢ᠋ᠶᠡᠷ “ᠦᠨᠳᠦᠰᠦᠨ ᠦ᠋ ᠪᠠᠶᠠᠯᠢᠭ ᠤ᠋ᠨ ᠰᠠᠩ”-ᢉᠡᠢ ᠶ᠋ᠢᠨ ᠰᠠᠨᠠᠯ ᠠᠰᠠᠭᠤᠯᠭ᠎ᠠ ᠠᠪᠴᠤ ᠡᢈᠢᠯᠡᠯ᠎ᠡ᠃


ᠮᠣᠩᠭᠤᠯ ᠤᠯᠤᠰ ᠤ᠋ᠨ ᠶᠡᢈᠡ ᠬᠤᠷᠠᠯ ᠤ᠋ᠨ ᠨᠢᢉᠡᠳᠦᢉᠰᠡᠨ ᠴᠢᠭᠤᠯᠭᠠᠨ ᠤ᠋ ᠒᠐᠒᠔ ᠣᠨ ᠤ᠋ ᠐᠔ ᠳ᠋ᠦ᠋ᢉᠡᠷ ᠰᠠᠷ᠎ᠠ ᠶ᠋ᠢᠨ ᠑᠙- ᠦ᠋ ᠡᠳᠦᠷ ᠦ᠋ᠨ ᠬᠤᠷᠠᠯᠳᠤᠭᠠᠨ ᠢ᠋ᠶᠠᠷ ᠮᠣᠩᠭᠣᠯ ᠤᠯᠤᠰ ᠤ᠋ᠨ ᠵᠠᠰᠠᠭ ᠤ᠋ᠨ ᠭᠠᠵᠠᠷ ᠠ᠋ᠴᠠ ᠡᠷᢉᠦᠨ ᠮᠡᠳᠡᢉᠦᠯᠦᢉᠰᠡᠨ ᠦᠨᠳᠦᠰᠦᠨ ᠦ᠋ ᠪᠠᠶᠠᠯᠢᠭ ᠤ᠋ᠨ ᠰᠠᠩ ᠤ᠋ᠨ ᠲᠤᠬᠠᠢ ᠬᠠᠤᠯᠢ ᠪᠣᠯᠤᠨ ᠬᠠᠮᠲᠤ ᠡᠷᢉᠦᠨ ᠮᠡᠳᠡᢉᠦᠯᠦᢉᠰᠡᠨ ᠬᠠᠤᠯᠢ ᠶ᠋ᠢᠨ ᠲᠦᠰᠦᠯ ᠦ᠋ᠳ ᠢ᠋ ᠡᠴᠦᠰᠯᠡᠨ ᠪᠠᠲᠤᠯᠠᠭᠰᠠᠨ ᠢ᠋ᠶᠠᠷ ᠠᠭᠤᠯᠠ ᠠᠭᠤᠷᠬᠠᠢ ᠶ᠋ᠢᠨ ᠪᠠᠶᠠᠯᠢᠭ ᠠ᠋ᠴᠠ ᠢᠷᠡᢉᠡᠳᠦᠢ ᠬᠣᠶᠢᠴᠢᠳ ᠢ᠋ᠶᠠᠨ ᠥᠪᠯᠡᢉᠦᠯᢈᠦ᠂ ᠢᠷᢉᠡᠨ ᠪᠦᠷᠢ ᠳ᠋ᠦ ᠬᠤᠪᠢ ᢈᠦᠷᠲᠡᢉᠡᢈᠦ ᠨᠥᢈᠦᠴᠡᠯ ᠪᠦᠷᠢᠳᠴᠦ᠂ ᠬᠤᠷᠠᠮᠲᠤᠯᠠᠯ ᠤ᠋ᠨ ᠰᠠᠩ ᠢ᠋ ᠨᠡᢉᠡᢉᠡᢈᠦ ᠪᠣᠯᠤᠮᠵᠢ ᠲᠠᠢ ᠪᠣᠯᠤᠭᠰᠠᠨ᠃

ᠦᠨᠳᠦᠰᠦᠨ ᠦ᠋ ᠪᠠᠶᠠᠯᠢᠭ ᠤ᠋ᠨ ᠰᠠᠩ ᠤ᠋ᠨ ᠲᠤᠬᠠᠢ ᠬᠠᠤᠯᠢ ᠶ᠋ᠢᠨ ᠳᠠᠭᠠᠭᠤ ᠰᠠᠩ ᠨᠢ “ᠢᠷᠡᢉᠡᠳᠦᠢ ᠶ᠋ᠢᠨ ᠥᠪ ᠰᠠᠩ”᠂ᠹ᠂ “ᢈᠥᢉᠵᠢᠯ ᠦ᠋ᠨ ᠰᠠᠩ”᠂ᠹ᠂ “ᠬᠤᠷᠠᠮᠲᠤᠯᠠᠯ ᠤ᠋ᠨ ᠰᠠᠩ” ᢉᠡᠰᠡᠨ ᠭᠤᠷᠪᠠᠨ ᠰᠠᠩ ᠲᠠᠢ ᠪᠠᠶᠢᠬᠤ ᠶᠤᠮ᠃

ᠲᠡᢉᠡᠪᠡᠯ ᠮᠣᠩᠭᠣᠯ ᠤᠯᠤᠰ ᠤ᠋ᠨ ᠢᠷᢉᠡᠨ ᠥᠪᠡᠷ ᠦ᠋ᠨ ᠨᠡᠷ᠎ᠡ ᠶ᠋ᠢᠨ ᠳᠠᠩᠰᠠᠨ ᠳ᠋ᠤ ᠪᠠᠨ ᠨᠡᠮᠡᠯᠲᠡ ᠣᠷᠤᠯᠭ᠎ᠠ ᠬᠤᠷᠠᠮᠲᠤᠯᠠᠭᠤᠯᠬᠤ ᢈᠦᠰᠡᠯᠲᠡᠢ ᠡᠰᠡᢈᠦ ᠰᠠᠨᠠᠯ ᠠᠰᠠᠭᠤᠯᠭ᠎ᠠ ᠡᢈᠢᠯᠡᠯ᠎ᠡ᠃  “ᠢ-ᠮᠣᠩᠭᠤᠯ ᠠᠻᠠᠳ᠋ᠧᠮᠢ” ᠤᠲᠦᢉᠡ᠂ ᢉᠡᠷ ᠪᠦᠯᠢ᠂ ᢈᠥᠳᠡᠯᠮᠦᠷᠢ ᠨᠡᠶᠢᢉᠡᠮ ᠦ᠋ᠨ ᠬᠠᠮᠠᠭᠠᠯᠠᠯ ᠤ᠋ᠨ ᠶᠠᠮᠤᠨ ᠲᠠᠢ ᠬᠠᠮᠲᠤᠷᠠᠨ ᠳᠡᢉᠡᠷᠡᢈᠢ ᠰᠠᠨᠠᠯ ᠠᠰᠠᠭᠤᠯᠭ᠎ᠠ ᠶ᠋ᠢ ᠐᠕ ᠳ᠋ᠤᠭᠠᠷ ᠰᠠᠷ᠎ᠠ ᠶ᠋ᠢᠨ ᠑᠒-ᠨᠣᠣᠰᠤ ᠐᠕ ᠳ᠋ᠤᠭᠠᠷ ᠰᠠᠷ᠎ᠠ ᠶ᠋ᠢᠨ ᠒᠓- ᠤ᠋ ᠡᠳᠦᠷ ᠦ᠋ᠨ ᠬᠣᠭᠤᠷᠤᠨᠳᠤ E-Mongolia ᠰᠢᠰᠲ᠋ᠧᠮ ᠦ᠋ᠨ ᠫᠣᠷᠲ᠋ᠠᠯ ᠪᠣᠯᠤᠨ ᠮᠣᠪᠠᠶᠢᠯ ᠰᠤᠪᠠᠭ ᠤ᠋ᠳ ᠢ᠋ᠶᠠᠷ ᠳᠠᠮᠵᠢᠭᠤᠯᠤᠨ ᢈᠦᠯᠢᠶᠡᠨ ᠠᠪᠴᠤ ᠪᠠᠶᠢᠨ᠎ᠠ᠃

  1. ᢈᠡᠦᢈᠡᠳ ᠦ᠋ᠨ ᠮᠥᠩᢉᠦᠨ ᠲᠡᠳᢈᠦᠮᠵᠢ ᠶ᠋ᠢ ᠬᠤᠷᠠᠮᠲᠤᠯᠠᠯ ᠤ᠋ᠨ ᠨᠡᠷ᠎ᠡ ᠶ᠋ᠢᠨ ᠳᠠᠩᠰᠠ ᠳ᠋ᠤ ᠪᠠᠨ ᠬᠤᠷᠠᠮᠲᠤᠯᠠᠭᠤᠯᠬᠤ ᠶ᠋ᠢ ᠳᠡᠮᠵᠢᢈᠦ ᠡᠰᠡᢈᠦ;
  2. ᠨᠡᠮᠡᢉᠳᠡᢉᠰᠡᠨ ᠥᠷᠲᠡᢉ ᠦ᠋ᠨ ᠠᠯᠪᠠᠨ ᠲᠠᠲᠠᠪᠤᠷᠢ (ᠨᠡᢉᠡᢉᠡᠲᠦ)- ᠤ᠋ᠨ ᠪᠤᠴᠠᠭᠠᠨ ᠣᠯᠭᠤᠯᠲᠠ ᠶ᠋ᠢ ᠬᠤᠷᠠᠮᠲᠤᠯᠠᠯ ᠤ᠋ᠨ ᠨᠡᠷ᠎ᠡ ᠶ᠋ᠢᠨ ᠳᠠᠩᠰᠠᠨ ᠳ᠋ᠤ ᠪᠠᠨ ᠬᠤᠷᠠᠮᠲᠤᠯᠠᠭᠤᠯᠬᠤ ᠶ᠋ᠢ ᠳᠡᠮᠵᠢᢈᠦ ᠡᠰᠡᢈᠦ;
  3. ᠬᠤᠪᠢ ᢈᠦᠮᠦᠨ ᠦ᠋ ᠣᠷᠤᠯᠭ᠎ᠠ ᠶ᠋ᠢᠨ ᠠᠯᠪᠠᠨ ᠲᠠᠲᠠᠪᠤᠷᠢ (ᠬᠬᠤᠭᠠᠲᠤ)- ᠤ᠋ᠨ ᠪᠤᠴᠠᠭᠠᠨ ᠣᠯᠭᠤᠯᠲᠠ ᠶ᠋ᠢ ᠬᠤᠷᠠᠮᠲᠤᠯᠠᠯ ᠤ᠋ᠨ ᠨᠡᠷ᠎ᠡ ᠶ᠋ᠢᠨ ᠳᠠᠩᠰᠠᠨ ᠳ᠋ᠤ ᠪᠠᠨ ᠬᠤᠷᠠᠮᠲᠤᠯᠠᠭᠤᠯᠬᠤ ᠶ᠋ᠢ ᠳᠡᠮᠵᠢᢈᠦ ᠡᠰᠡᢈᠦ;
  4. “ᠡᠷᠳᠡᠨᠢᠰ ᠲᠠᠪᠤᠨᠲᠤᠯᠤᠭᠠᠢ” ᠬᠻ-ᠡᠶᠢᠨ ᠡᠩ ᠦ᠋ᠨ ᠨᠣᠭᠳᠠᠯ ᠠᠰᠢᠭ ᠢ᠋ ᠬᠤᠷᠠᠮᠲᠤᠯᠠᠯ ᠤ᠋ᠨ ᠨᠡᠷ᠎ᠡ ᠶ᠋ᠢᠨ ᠳᠠᠩᠰᠠ ᠳ᠋ᠤ ᠪᠠᠨ ᠬᠤᠷᠠᠮᠲᠤᠯᠠᠭᠤᠯᠬᠤ ᠶ᠋ᠢ ᠳᠡᠮᠵᠢᢈᠦ ᠡᠰᠡᢈᠦ ᠰᠣᠩᠭᠤᠯᠲᠠ ᠠ᠋ᠴᠠ ᠲᠠ “ᠲᠡᠶᠢᠮᠦ” ᠡᠰᠡᠪᠡᠯ “ᠦᢉᠡᠢ” ᢉᠡᠰᠡᠨ ᠰᠣᠩᠭᠤᠯᠲᠠ ᠶ᠋ᠢ ᢈᠢᢈᠦ ᠪᠥᢉᠡᠳ ᠮᠥᠨ ᠪᠤᠰᠤᠳ ᠰᠠᠨᠠᠯ ᠢ᠋ᠶᠠᠨ ᠪᠢᠴᠢᢈᠦ ᠲᠠᠯᠠᠪᠤᠷ ᠲᠠᠢ᠃

            ᢈᠡᠷᢈᠢᠨ ᠰᠠᠨᠠᠯ ᠠᠰᠠᠭᠤᠯᠭ᠎ᠠ ᠥᢉᢈᠦ ᠪᠤᠢ?

  • E-Mongolia ᠰᠢᠰᠲ᠋ᠧᠮ ᠤᠷᠤᠭᠤ ᠪᠦᠷᠢᠳᢈᠡᠯ ᠲᠡᠢ ᠬᠠᠶᠢᠭ ᠢ᠋ᠶᠠᠷ ᠢ᠋ᠶᠠᠨ ᠨᠡᠪᠲᠡᠷᠡᢈᠦ
  • ᠫᠷᠤᠹᠠᠶᠢᠯ ᢈᠡᠰᠡᢉ ᠤᠷᠤᠭᠤ ᠬᠠᠨᠳᠤᠨ “ᠲᠥᠷᠦ ᠳ᠋ᠦ ᠪᠠᠶᠢᠭ᠎ᠠ ᠮᠢᠨᠤ ᠮᠡᠳᠡᢉᠡᠯᠡᠯ” ᠼᠧᠰᠧᠧ “ᠰᠠᠨᠠᠯ ᠠᠰᠠᠭᠤᠯᠭ᠎ᠠ” ᢈᠡᠰᠡᢉ ᠢ᠋ ᠰᠣᠩᠭᠤᠨ ᠰᠠᠨᠠᠯ ᠢ᠋ᠶᠠᠨ ᠥᢉᢈᠦ ᠪᠣᠯᠤᠮᠵᠢ ᠲᠠᠢ᠃

ᠢᠷᢉᠡᠨ ᠲᠠ ᠦᠨᠳᠦᠰᠦᠨ ᠦ᠋ ᠪᠠᠶᠠᠯᠢᠭ ᠤ᠋ᠨ ᠰᠠᠩ ᠤ᠋ᠨ ᠵᠣᢈᠢᠰᠲᠠᠢ ᠪᠦᠷᠢᠳᠦᢉᠦᠯᠤᠯᠲᠡ᠂ ᠦᠷ᠎ᠡ ᠥᢉᢉᠦᢉᠡᠵᠢ ᠲᠡᠢ ᠵᠠᠷᠤᠴᠠᠭᠤᠯᠤᠯᠲᠠ ᠳ᠋ᠤ ᠥᠪᠡᠷ ᠦ᠋ᠨ ᠰᠠᠨᠠᠯ ᠪᠣᠳᠤᠯ ᠢ᠋ᠶᠠᠨ ᠲᠤᠰᠬᠠᠬᠤ ᠡᠨᠡ ᢈᠦ ᠴᠢᠬᠤᠯᠠ ᠰᠠᠨᠠᠯ ᠠᠰᠠᠭᠤᠯᠭ᠎ᠠ ᠳ᠋ᠤ ᠢᠳᠡᠪᢈᠢᠲᠡᠢ ᠣᠷᠤᠯᠴᠠᠭᠠᠷᠠᠢ᠃  ᠲᠠᠨ ᠤ᠋ ᠣᠷᠤᠯᠴᠠᠭ᠎ᠠ ᠮᠣᠩᠭᠣᠯ ᠤᠯᠤᠰ ᠤ᠋ᠨ ᠢᠷᠡᢉᠡᠳᠦᠢ ᠶ᠋ᠢᠨ ᠪᠠᠶᠠᠯᠢᠭ ᠤ᠋ᠨ ᠬᠤᠪᠢᠶᠠᠷᠢᠯᠠᠯᠲᠠ ᠳ᠋ᠤ ᠦᠨ᠎ᠡ ᠲᠡᠢ ᠬᠤᠪᠢ ᠨᠡᠮᠡᠷᠢ ᠣᠷᠤᠭᠤᠯᠬᠤ ᠪᠣᠯᠤᠨ᠎ᠠ᠃

ᠨᠡᠶᠢᠲᠡᠯᠡᠭᠰᠡᠨ᠄