ᠲᠠ ᠵᠢᠯᠤᠭᠤ ᠶ᠋ᠢᠨ ᠦᠨᠡᠮᠯᠡᢈᠦ ᠪᠡᠨ E-Mongolia ᠰᠢᠰᠲ᠋ᠧᠮ ᠢ᠋ᠶᠡᠷ ᠵᠠᢈᠢᠶᠠᠯᠠᠨ ᢉᠡᠷ ᠲᠦ ᠪᠡᠨ ᢈᠦᠷᢈᠡᢉᠦᠯᠵᠦ ᠠᠪᠬᠤ ᠪᠣᠯᠤᠮᠵᠢ ᠲᠠᠢ


ᠵᠢᠯᠤᠭᠤᠨ ᠤ᠋ ᠦᠨᠡᠮᠯᠡᢈᠦ ᠵᠠᢈᠢᠶᠠᠯᠠᠬᠤ ᠶ᠋ᠢᠨ ᠲᠤᠯᠠᠳᠠ ᠵᠠᠪᠠᠯ ᠣᠯᠠᠨ ᠬᠣᠨᠤᠭ ᠳ᠋ᠤᠭᠠᠷᠯᠠᠵᠤ᠂ ᠲᠥᠷᠦ ᠶ᠋ᠢᠨ ᠪᠠᠶᠢᠭᠤᠯᠤᠯᠭ᠎ᠠ ᠪᠠᠷ ᠶᠠᠪᠤᠬᠤ ᠱᠠᠭᠠᠷᠳᠠᠯᠭ᠎ᠠ ᠦᢉᠡᠢ ᠪᠣᠯᠤᠭᠰᠠᠨ᠃  ᠴᠠᢈᠢᠮ ᢈᠥᢉᠵᠢᠯ ᠬᠤᠷᠳᠤᠴᠠ ᠲᠠᠢ ᢈᠥᢉᠵᠢᠵᠦ ᠪᠤᠢ ᠡᠨᠡ ᠦᠶ᠎ᠡ ᠳ᠋ᠦ E-Mongolia ᠰᠢᠰᠲ᠋ᠧᠮ ᠢ᠋ᠶᠡᠷ ᠳᠠᠮᠵᠢᠭᠤᠯᠤᠨ ᠵᠢᠯᠤᠭᠤᠨ ᠤ᠋ ᠦᠨᠡᠮᠯᠡᢈᠦ ᠪᠡᠨ ᠵᠠᢈᠢᠶᠠᠯᠠᠬᠤ ᠪᠣᠯᠤᠮᠵᠢ ᠲᠠᠢ ᠪᠥᢉᠡᠳ ᠭᠠᠷ ᠤᠲᠠᠰᠤ᠂ ᠢᠨ᠋ᠲ᠋ᠧᠷᠨᠧᠲ ᠬᠣᠯᠪᠤᠯᠲᠠ ᠪᠠᠶᠢᠬᠤ ᠳ᠋ᠤ ᠯᠠ ᠬᠠᠩᠭᠠᠯᠲᠠᠲᠠᠢ᠃

E-Mongolia ᠰᠢᠰᠲ᠋ᠧᠮ ᠢ᠋ᠶᠡᠷ ᠳᠠᠮᠵᠢᠭᠤᠯᠤᠨ ᠠᠪᠬᠤ ᠪᠣᠯᠤᠮᠵᠢ ᠲᠠᠢ ᠦᠶᠢᠯᠡᠴᠢᠯᠡᢉᠡ:

  1. ᠰᠢᠨ᠎ᠡ ᠪᠡᠷ ᠵᠢᠯᠤᠭᠤ ᠶ᠋ᠢᠨ ᠦᠨᠡᠮᠯᠡᢈᠦ ᠵᠠᢈᠢᠶᠠᠯᠠᠬᠤ:
    • ᠲᠡᢉᠡᢉᠡᠪᠦᠷᠢ ᠶ᠋ᠢᠨ ᢈᠡᠷᠡᢉᠰᠡᠯ ᠵᠢᠯᠤᠭᠤᠳᠬᠤ ᠡᠷᢈᠡ ᠶ᠋ᠢᠨ ᠰᠢᠯᠭᠠᠯᠲᠠ ᠳ᠋ᠤ ᠲᠡᠩᠴᠡᢉᠰᠡᠨ ᠢᠷᢉᠡᠨ E-Mongolia ᠰᠢᠰᠲ᠋ᠧᠮ ᠢ᠋ᠶᠡᠷ ᠦᠨᠡᠮᠯᠡᢈᠦ ᠪᠡᠨ ᠵᠠᢈᠢᠶᠠᠯᠠᠬᠤ ᠪᠣᠯᠤᠮᠵᠢ ᠲᠠᠢ᠃
    • ᠡᢉᠦᠨ ᠦ᠋ ᠲᠤᠯᠠᠳᠠ ᠠᠦ᠋ᠲ᠋ᠣ᠋ ᠰᠤᠷᠭᠠᠭᠤᠯᠢ ᠳ᠋ᠤ ᠪᠠᠨ ᠦᠨᠡᠯᠡᢉᠡᠨ ᠦ᠋ ᠬᠠᠭᠤᠳᠠᠰᠤ᠂ ᠹᠣᠲ᠋ᠤ ᠵᠢᠷᠤᠭ ᠵᠡᠷᢉᠡ ᠶ᠋ᠢ ᠤᠷᠢᠳᠴᠢᠯᠠᠨ ᢈᠦᠯᠢᠶᠡᠯᢉᠡᠨ ᠥᢉᢉᠦᢉᠰᠡᠨ ᠪᠠᠶᠢᠬᠤ ᠱᠠᠭᠠᠷᠳᠠᠯᠭ᠎ᠠ ᠲᠠᠢ᠃
    • ᠮᠡᠳᠡᢉᠡᠯᠡᠯ “ᠪᠠᠲᠤᠯᠠᠭᠠᠵᠢᠭᠰᠠᠨ” ᠲᠥᠯᠦᠪ ᠲᠦ ᠰᠢᠯᠵᠢᢉᠰᠡᠨ ᠲᠣᢈᠢᠶᠠᠯᠳᠤᠯ ᠳ᠋ᠤ ᠴᠠᢈᠢᠮ ᠵᠠᢈᠢᠶᠠᠯᠠᠭ᠎ᠠ ᢈᠢᢈᠦ ᠪᠣᠯᠤᠮᠵᠢ ᠲᠠᠢ ᠪᠣᠯᠤᠨ᠎ᠠ᠃
  2. ᠨᠥᢈᠦᠨ ᠠᠪᠬᠤ᠂ ᠬᠤᠭᠤᠴᠠᠭ᠎ᠠ ᠰᠤᠩᠭᠠᠬᠤ᠂ ᠬᠠᠶᠠᠭᠰᠠᠨ ᠪᠣᠯ ᠳᠠᢈᠢᠨ ᠵᠠᢈᠢᠶᠠᠯᠠᠬᠤ:
    • ᠵᠢᠯᠤᠭᠤ ᠶ᠋ᠢᠨ ᠦᠨᠡᠮᠯᠡᢈᠦ ᠪᠡᠨ ᠬᠠᠶᠠᠵᠤ ᠦᠷᠡᢉᠳᠡᢉᠦᠯᠦᢉᠰᠡᠨ ᠡᠰᠡᠪᠡᠯ ᠬᠤᠭᠤᠴᠠᠭ᠎ᠠ ᠳᠠᠭᠤᠰᠤᠭᠰᠠᠨ ᠪᠣᠯ E-Mongolia-ᠭᠠᠷ ᠰᠢᠭᠤᠳ ᠵᠠᢈᠢᠶᠠᠯᠠᠵᠤ ᠪᠣᠯᠤᠨ᠎ᠠ᠃
  3. ᠮᠡᠳᠡᢉᠡᠯᠡᠯ ᠵᠥᠷᠢᢉᠦᠦ ᠲᠡᠢ ᠦᠨᠡᠮᠯᠡᢈᠦ ᠶ᠋ᠢ ᠵᠠᠰᠠᠵᠤ᠂ ᠳᠠᢈᠢᠨ ᢈᠡᠪᠯᠡᢉᠦᠯᢈᠦ:
    • ᢈᠡᠷᠪᠡ ᠲᠠᠨ ᠤ᠋ ᠵᠢᠯᠤᠭᠤᠨ ᠤ᠋ ᠦᠨᠡᠮᠯᠡᢈᠦ ᠳᠡᢉᠡᠷ᠎ᠡ ᠣᠪᠤᠭ᠂ ᠨᠡᠷ᠎ᠡ᠂ ᠷᠧᢉᠢᠰᠲ᠋ᠧᠷ ᠦ᠋ᠨ ᠳ᠋᠋ᠤᠭᠠᠷ᠂ ᠴᠢᠰᠤᠨ ᠤ᠋ ᠪᠦᠯᠦᢉ ᠵᠡᠷᢉᠡ ᠬᠤᠪᠢ ᠶ᠋ᠢᠨ ᠮᠡᠳᠡᢉᠡᠯᠡᠯ ᠵᠥᠷᠢᢉᠦᠦ ᠲᠡᠢ ᠪᠣᠯ ᠳᠠᢈᠢᠨ ᠵᠠᢈᠢᠶᠠᠯᠠᠬᠤ ᠳ᠋ᠤ ᠪᠠᠨ ᠬᠣᠯᠪᠤᠭᠳᠠᠬᠤ ᠲᠠᠯᠠᠪᠤᠷ ᠢ᠋ ᠵᠠᠰᠠᠵᠤ᠂ ᠰᠢᠨᠡᠴᠢᠯᠡᢉᠰᠡᠨ ᠦᠨᠡᠮᠯᠡᢈᠦ ᠪᠡᠨ ᠵᠠᢈᠢᠶᠠᠯᠠᠵᠤ ᠪᠣᠯᠤᠨ᠎ᠠ᠃

ᠵᠠᢈᠢᠶᠠᠯᠠᠭᠰᠠᠨ ᠦᠨᠡᠮᠯᠡᢈᠦ ᢈᠡᠷ ᠤᠳᠠᠵᠤ ᢈᠡᠪᠯᠡᢉᠳᠡᠨ ᠭᠠᠷᠬᠤ ᠪᠤᠢ?

  • ᠴᠠᢈᠢᠮ ᠢ᠋ᠶᠠᠷ ᠵᠢᠯᠤᠭᠤ ᠶ᠋ᠢᠨ ᠦᠨᠡᠮᠯᠡᢈᠦ ᠪᠡᠨ ᠵᠠᢈᠢᠶᠠᠯᠠᠭᠰᠠᠨ ᠤ᠋ ᠳᠠᠷᠠᠭ᠎ᠠ ᠲᠠᠨ ᠤ᠋ ᠦᠨᠡᠮᠯᠡᢈᠦ ᠓–᠕ ᠬᠣᠨᠤᠭ ᠤ᠋ᠨ ᠳᠣᠲᠤᠷ᠎ᠠ ᢈᠡᠪᠯᠡᢉᠳᠡᠨ᠎ᠡ᠃
  • ᠳᠠᠷᠠᠭ᠎ᠠ ᠨᠢ “ᠮᠣᠩᠭᠤᠯ ᠰᠢᠤᠳᠠᠨ” ᢈᠥᢈᠡ- ᠢ᠋ᠶᠠᠷ ᠳᠠᠮᠵᠢᠨ ᠨᠡᠶᠢᠰᠯᠡᠯ ᠦ᠋ᠨ ᠨᠢᢉᠡ ᠴᠡᢉ ᠦ᠋ᠨ ᠦᠢᠯᠡᠴᠢᠯᠡᢉᠡᠨ ᠦ᠋ ᠲᠥᠪ ᠦ᠋ᠳ ᠲᠦ ᢈᠦᠷᢈᠡᢉᠳᠡᠨ᠎ᠡ᠃
  • ᠲᠠ ᠕–᠑᠐ ᠬᠣᠨᠤᠭ ᠤ᠋ᠨ ᠳᠣᠲᠤᠷ᠎ᠠ ᠦᠨᠡᠮᠯᠡᢈᠦ ᠪᠡᠨ ᢈᠦᠯᠢᠶᠡᠨ ᠠᠪᠬᠤ ᠪᠣᠯᠤᠮᠵᠢ ᠲᠠᠢ᠃

ᠴᠠᢈᠢᠮ ᠢ᠋ᠶᠠᠷ ᠵᠠᢈᠢᠶᠠᠯᠠᠬᠤ:

  • E-Mongolia ᠰᠢᠰᠲ᠋ᠧᠮ ᠳ᠋ᠦ ᠪᠦᠷᠢᠳᢈᠡᠯ ᠢ᠋ᠶᠡᠷ ᠨᠡᠪᠲᠡᠷᠡᠵᠦ “ᠦᠶᠢᠯᠡᠴᠢᠯᠡᢉᠡ ᠨᠦ᠋ᢉᠦᠳ” ᠼᠧᠰᠧᠧ “ᠵᠢᠯᠤᠭᠤᠳᠬᠤ ᠡᠷᢈᠡ ᠶ᠋ᠢᠨ ᠦᠨᠡᠮᠯᠡᢈᠦ ᠵᠠᢈᠢᠶᠠᠯᠠᠬᠤ” ᠦᠢᠯᠡᠴᠢᠯᠡᢉᠡ ᠶ᠋ᠢ ᠰᠣᠩᠭᠤᠨ᠎ᠠ᠃
  • ᠭᠠᠷᠴᠤ ᠢᠷᠡᢉᠰᠡᠨ ᠮᠡᠳᠡᢉᠡᠯᠡᠯ ᠦ᠋ᠨ ᠲᠠᠯᠠᠪᠤᠷ ᠢ᠋ ᠦᠨᠡᠨ ᠵᠥᠪ ᠪᠥᢉᠯᠡᠵᠦ ᠵᠠᢈᠢᠶᠠᠯᠠᠭ᠎ᠠ ᠪᠠᠨ ᠪᠠᠲᠤᠯᠠᠭᠠᠵᠢᠭᠤᠯᠤᠨ᠎ᠠ᠃

ᠪᠡᠶ᠎ᠡ ᠪᠡᠷ ᠣᠴᠢᠵᠤ ᠵᠠᢈᠢᠶᠠᠯᠠᠬᠤ:

  • ᠨᠡᠶᠢᠰᠯᠡᠯ ᠦ᠋ᠨ ᠦᠢᠯᠡᠴᠢᠯᠡᢉᠡᠨ ᠦ᠋ ᠨᠢᢉᠡᠳᠦᢉᠰᠡᠨ ᠲᠥᠪ ᠦ᠋ᠨ ᠠᠯᠢ ᠨᠢᢉᠡ ᠰᠠᠯᠪᠤᠷᠢ ᠳ᠋ᠤ ᠬᠠᠨᠳᠤᠵᠤ᠂ ᠱᠠᠭᠠᠷᠳᠠᠯᠭᠠᠲᠠᠢ ᠪᠢᠴᠢᢉ ᠪᠠᠷᠢᠮᠲᠠ ᠲᠠᠢ ᠣᠴᠢᠨ ᠵᠢᠯᠤᠭᠤ ᠶ᠋ᠢᠨ ᠦᠨᠡᠮᠯᠡᢈᠦ ᠪᠡᠨ ᠵᠠᢈᠢᠶᠠᠯᠠᠨ᠎ᠠ᠃

ᠠᠩᠬᠠᠷᠬᠤ ᠵᠦᠶᠢᠯᠡᠰ:

  • ᠬᠤᠪᠢ ᠶ᠋ᠢᠨ ᠮᠡᠳᠡᢉᠡᠯᠡᠯ (ᠣᠪᠤᠭ᠂ ᠨᠡᠷ᠎ᠡ᠂ ᠷᠧᢉᠢᠰᠲ᠋ᠧᠷ᠂ ᠴᠢᠰᠤᠨ ᠤ᠋ ᠪᠦᠯᠦᢉ) ᠵᠥᠷᠢᢉᠦᠦ ᠲᠡᠢ ᠪᠣᠯ E-Mongolia-ᠣᠣᠷᠤ ᠵᠠᢈᠢᠶᠠᠯᠠᠭ᠎ᠠ ᠥᢉᢈᠦ ᠪᠣᠯᠤᠮᠵᠢ ᠦᢉᠡᠢ᠃  ᠡᠶᠢᠮᠦ ᠲᠣᢈᠢᠶᠠᠯᠳᠤᠯ ᠳ᠋ᠤ ᠴᠠᠭᠳᠠᠭ᠎ᠠ ᠶ᠋ᠢᠨ ᠶᠡᠷᠦᠩᢈᠡᠢ ᠭᠠᠵᠠᠷ ᠤ᠋ᠨ ᠪᠦᠷᠢᠳᢈᠡᠯ᠂ ᢈᠢᠨᠠᠯᠲᠠ ᠶ᠋ᠢᠨ ᠲᠥᠪ ᠲᠦ ᠪᠡᠶᠡᠴᠢᠯᠡᠨ ᠣᠴᠢᠵᠤ ᠵᠠᢈᠢᠶᠠᠯᠠᠨ᠎ᠠ᠃
  • ᠴᠠᠭᠳᠠᠭ᠎ᠠ ᠶ᠋ᠢᠨ ᠪᠠᠶᠢᠭᠤᠯᠤᠯᠭ᠎ᠠ ᠳ᠋ᠤ ᠡᠷᠢᠨ ᠰᠤᠷᠪᠤᠯᠵᠢᠯᠠᠭᠳᠠᠵᠤ ᠪᠤᠢ ᠮᠥᠨ ᠵᠢᠯᠤᠭᠤᠳᠬᠤ ᠡᠷᢈᠡ ᠨᠢ ᠬᠠᠰᠤᠭᠳᠠᠭᠰᠠᠨ᠂ ᢈᠢᠵᠠᠭᠠᠷᠯᠠᠭᠳᠠᠭᠰᠠᠨ ᠢᠷᢉᠡᠳ ᠵᠠᢈᠢᠶᠠᠯᠠᠬᠤ ᠪᠣᠯᠤᠮᠵᠢ ᠦᢉᠡᠢ ᠪᠠᠶᠢᠨ᠎ᠠ᠃

ᢈᠡᠳᠦᢈᠡᠨ ᠬᠣᠷᠤᠮ ᠤ᠋ᠨ ᠳᠣᠲᠤᠷ᠎ᠠ ᠴᠠᢈᠢᠮ ᠢ᠋ᠶᠠᠷ ᠵᠢᠯᠤᠭᠤᠨ ᠤ᠋ ᠦᠨᠡᠮᠯᠡᢈᠦ ᠪᠡᠨ ᠵᠠᢈᠢᠶᠠᠯᠠᠭᠠᠳ ᠴᠠᠭ ᠢ᠋ᠶᠠᠨ ᢈᠡᠮᠨᠡᢉᠡᠷᠡᠢ!ᠴᠠᢈᠢᠮ ᠢ᠋ᠶᠠᠷ ᠰᠢᠢᠳᠴᠦ ᠴᠠᠭ ᠢ᠋ᠶᠠᠨ ᢈᠡᠮᠨᠡᠶ᠎ᠡ᠃

ᠨᠡᠶᠢᠲᠡᠯᠡᠭᠰᠡᠨ᠄