ᠮᠣᠩᠭᠣᠯ ᠤᠯᠤᠰ ᠲᠤ ᠢᠷᢉᠡᠳ ᠦ᠋ᠨ ᠪᠣᠯᠪᠠᠰᠤᠷᠠᠯ ᠲᠠᠢ ᠬᠣᠯᠪᠤᠭᠠᠲᠠᠢ ᠦᠢᠯᠡᠴᠢᠯᠡᢉᠡ ᠶ᠋ᠢ ᠠᠪᠬᠤ ᠳ᠋ᠤ ᠲᠤᠯᠭᠠᠷᠠᠳᠠᠭ ᢈᠦᠨᠳᠦᠷᠡᠯ᠂ ᠴᠠᠭ ᠬᠤᠭᠤᠴᠠᠭᠠᠨ ᠤ᠋ ᠠᠯᠳᠠᠭᠳᠠᠯ ᠨᠢ ᠣᠯᠠᠨ ᠵᠢᠯ ᠦ᠋ᠨ ᠲᠤᠷᠰᠢᠳᠠ ᠪᠤᢈᠢᠨᠢᠳᠤᠯ ᠤ᠋ᠨ ᠭᠣᠣᠯ ᠰᠢᠯᠲᠠᠭᠠᠨ ᠪᠠᠶᠢᠭᠰᠠᠭᠠᠷ ᠢᠷᠡᢉᠰᠡᠨ᠃ ᢈᠡᠦᢈᠡᠳ ᠢ᠋ᠶᠡᠨ ᠴᠡᠴᠡᠷᠯᠢᢉ ᠲᠦ ᠪᠦᠷᠢᠳᢈᠡᢉᠦᠯᢈᠦ ᠳ᠋ᠦ ᠪᠡᠨ ᠤᠷᠲᠤ ᠳᠠᠷᠠᠭᠠᠯᠠᠯ ᠳ᠋ᠤ ᠵᠣᠭᠰᠤᠬᠤ᠂ ᠣᠶᠤᠲᠠᠨ ᠤ᠋ ᠦᠨᠡᠮᠯᠡᢈᠦ᠂ ᠲᠣᠳᠤᠷᠬᠠᠶᠢᠯᠠᠯᠲᠠ ᠠᠪᠬᠤ ᢉᠡᠵᠦ ᠰᠤᠷᠭᠠᠭᠤᠯᠢ ᠳ᠋ᠤ ᠪᠠᠨ ᠬᠠᠨᠳᠤᠵᠤ ᢈᠦᠯᠢᠶᠡᢈᠦ ᢉᠡᢈᠦ ᠮᠡᠲᠦ ᠠᠰᠠᠭᠤᠳᠠᠯ ᠣᠯᠠᠨ ᢈᠦᠨᠳᠦ ᠲᠠᠨᠢᠯ᠃
ᢉᠡᠪᠡᠴᠦ ᠡᠨᠡ ᠪᠦᢈᠦᠨ ᠥᠩᢉᠡᠷᠡᢉᠰᠡᠨ ᠳ᠋ᠦ ᠦᠯᠡᠳᠡᠵᠦ E-Mongolia ᠰᠢᠰᠲ᠋ᠧᠮ ᠢ᠋ᠶᠡᠷ ᠳᠠᠮᠵᠢᠭᠤᠯᠤᠨ ᠪᠣᠯᠪᠠᠰᠤᠷᠠᠯ ᠤ᠋ᠨ ᠰᠠᠯᠪᠤᠷᠢ ᠳ᠋ᠤ ᠬᠠᠮᠤᠭ ᠤ᠋ᠨ ᠥᠷᢉᠡᠨ ᢈᠡᠷᠡᢉᠯᠡᢉᠳᠡᠳᠡᢉ ᠙ ᠲᠥᠷᠦᠯ ᠦ᠋ᠨ ᠯᠠᠪᠯᠠᠭᠠ ᠲᠣᠳᠤᠷᠬᠠᠶᠢᠯᠠᠯᠲᠠ ᠨᠤᠭᠤᠳ ᠢ᠋ ᠢᠷᢉᠡᠳ ᠴᠠᢈᠢᠮ ᠢ᠋ᠶᠠᠷ᠂ ᠒᠔/᠗ ᠴᠠᠭ ᠤ᠋ᠨ ᠲᠤᠷᠰᠢ᠂ ᠬᠠᠮᠢᠭᠠ ᠠ᠋ᠴᠠ ᠴᠤ ᠠᠪᠬᠤ ᠪᠣᠯᠤᠮᠵᠢ ᠲᠠᠢ ᠪᠣᠯᠵᠡᠢ᠃
ᠡᠳᠡᢉᠡᠷ ᠦᠶᠢᠯᠡᠴᠢᠯᠡᢉᠡᠨ ᠳ᠋ᠦ:
- ᠴᠡᠴᠡᠷᠯᠢᢉ ᠲᠦ ᠬᠠᠮᠤᠷᠤᠭᠳᠠᠬᠤ ᢈᠦᠰᠡᠯᠲᠡ
- ᠶᠡᠪᠰ-ᠡᠶᠢᠨ ᠑ ᠳ᠋ᠦᢉᠡᠷ ᠠᠩᢉᠢ ᠶ᠋ᠢᠨ ᠡᠯᠰᠡᠯᠲᠡ ᠶ᠋ᠢᠨ ᠪᠦᠷᠢᠳᢈᠡᠯ
- ᠰᠠᠭᠤᠷᠢ ᠪᠣᠯᠤᠨ ᠪᠦᠷᠢᠨ ᠳᠤᠮᠳᠠ ᠪᠣᠯᠪᠠᠰᠤᠷᠠᠯ ᠤ᠋ᠨ ᢉᠡᠷᠡᠴᠢᠯᠡᢉᠡ᠂ ᠳ᠋ᠢᠫᠯᠣᠮ ᠤ᠋ᠨ ᠲᠣᠳᠤᠷᠬᠠᠶᠢᠯᠠᠯᠲᠠ ᠨᠤᠭᠤᠳ
- ᠣᠶᠤᠲᠠᠨ ᠤ᠋ ᠠᠦᠲ᠋ᠤᠪᠦᠰ ᠤ᠋ᠨ ᠻᠠᠷᠲ ᠵᠠᢈᠢᠶᠠᠯᠠᠭᠠ
- ᠶᠡᢈᠡ᠂ ᠳᠡᢉᠡᠳᠦ ᠰᠤᠷᠭᠠᠭᠤᠯᠢ ᠳ᠋ᠤ ᠰᠤᠷᠤᠯᠴᠠᠵᠤ ᠪᠤᠢ ᠲᠣᠳᠤᠷᠬᠠᠶᠢᠯᠠᠯᠲᠠ
- ᠪᠠᠭᠰᠢ ᠪᠣᠯᠤᠨ ᠣᠶᠤᠲᠠᠨ ᠤ᠋ ᠦᠨᠡᠮᠯᠡᢈᠦ ᠵᠡᠷᢉᠡ ᠣᠷᠤᠵᠤ ᠪᠠᠶᠢᠨᠠ᠃
ᠡᠳᠡᢉᠡᠷ ᠦ᠋ᠨ ᠳᠤᠮᠳᠠ ᠠ᠋ᠴᠠ ᠣᠶᠤᠲᠠᠨ ᠤ᠋ ᠦᠨᠡᠮᠯᠡᢈᠦ ᠲᠡᠢ ᠬᠣᠯᠪᠤᠭᠠᠲᠠᠢ ᠦᠢᠯᠡᠴᠢᠯᠡᢉᠡ ᠑᠓᠔ ᠰᠠᠶᠠ ᠤᠳᠠᠭᠠ᠂ᠪᠠᠭᠰᠢ ᠶ᠋ᠢᠨ ᠦᠨᠡᠮᠯᠡᢈᠦ ᠑᠐ ᠰᠠᠶ᠋ᠢ ᠤᠳᠠᠭᠠ᠂ ᠳᠡᢉᠡᠳᠦ ᠪᠣᠯᠪᠠᠰᠤᠷᠠᠯ ᠤ᠋ᠨ ᠳ᠋ᠢᠫᠯᠣᠮ ᠤ᠋ᠨ ᠲᠣᠳᠤᠷᠬᠠᠶᠢᠯᠠᠯᠲᠠ ᠓᠔᠖ ᠮᠢᠩᠭᠠ ᠭᠠᠷᠤᠢ ᠤᠳᠠᠭᠠ ᠦᠢᠯᠡᠴᠢᠯᠡᢉᠡ ᠠᠪᠤᠭᠰᠠᠨ ᠨᠢ ᠪᠣᠯᠪᠠᠰᠤᠷᠠᠯ ᠲᠠᠢ ᠬᠣᠯᠪᠤᠭᠠ ᠲᠠᠢ ᠯᠠᠪᠯᠠᠭᠠ᠂ ᠲᠣᠳᠤᠷᠬᠠᠶᠢᠯᠠᠯᠲᠠ ᠨᠤᠭᠤᠳ ᢈᠡᠷ ᠶᠡᢈᠡ ᠡᠷᠢᠯᠲᠡ ᠥᠨᠳᠦᠷ ᠪᠠᠶᠢᠭᠠ ᠶ᠋ᠢ ᠬᠠᠷᠠᠭᠤᠯᠵᠤ ᠪᠠᠶᠢᠨᠠ᠃
ᢉᠡᢈᠦ ᠳ᠋ᠦ ᠪᠡᠨ ᠵᠠᠷᠢᠮ ᠢᠷᢉᠡᠳ ᠦ᠋ᠨ ᠬᠤᠪᠢ ᠳ᠋ᠤ ᠥᠪᠡᠷ ᠲᠦ ᢈᠡᠷᠡᢉᠴᠡᢉᠡ ᠱᠠᠭᠠᠷᠳᠠᠯᠭᠠᠲᠠᠢ ᠦᠢᠯᠡᠴᠢᠯᠡᢉᠡ ᠶ᠋ᠢ ᠴᠠᢈᠢᠮ ᠢ᠋ᠶᠠᠷ ᠠᠪᠴᠤ ᠴᠢᠳᠠᠬᠤ ᠦᢉᠡᠢ᠂ ᠮᠡᠳᠡᢉᠡᠯᠡᠯ ᠳᠤᠲᠠᠮᠠᠭ ᠪᠠᠶᠢᠳᠠᠯ ᠠ᠋ᠴᠠ ᠪᠣᠯᠵᠤ ᠥᠪᠡᠷᠰᠡᠳ ᠦ᠋ᠨ ᠴᠠᠭ ᠵᠠᠪ ᠢ᠋ᠶᠠᠨ ᠠᠯᠳᠠᠵᠤ ᠪᠡᠶᠡᠴᠢᠯᠡᠨ ᠣᠴᠢᠬᠤ ᠠᠰᠠᠭᠤᠳᠠᠯ ᠤ᠋ᠳ ᠲᠤᠯᠭᠠᠷᠠᠳᠠᠭ ᠪᠠᠶᠢᠨᠠ᠃
ᠡᠶᠢᠮᠦ ᠳ᠋ᠦ ᠥᠨᠦᠳᠦᠷ /᠒᠐᠒᠕᠂᠐᠕᠂᠑᠔/ “ᠢ-ᠮᠣᠩᠭᠤᠯ ᠠᠻᠠᠳ᠋ᠧᠮᠢ” ᠤᠲᠤᠭ᠂ ᠪᠣᠯᠪᠠᠰᠤᠷᠠᠯ ᠤ᠋ᠨ ᠶᠡᠷᠦᠩᢈᠡᠢ ᠭᠠᠵᠠᠷ ᠤ᠋ᠨ ᢈᠡᠪᠯᠡᠯ ᠮᠡᠳᠡᢉᠡᠯᠡᠯ ᠬᠠᠷᠢᠭᠤᠴᠠᠭᠰᠠᠨ ᠠᠯᠪᠠ ᠬᠠᠭᠠᠭᠴᠢᠳ ᠬᠠᠮᠲᠤᠷᠠᠭᠰᠠᠨ ᠠᠭᠤᠯᠵᠠᠯᠲᠠ ᠶ᠋ᠢ ᠵᠣᢈᠢᠶᠠᠨ ᠪᠠᠶᠢᠭᠤᠯᠤᠯᠠ᠃ ᠠᠭᠤᠯᠵᠠᠯᠲᠠ ᠪᠠᠷ ᠴᠠᢈᠢᠮ ᠰᠢᠯᠵᠢᠯᠲᠡ ᠶ᠋ᠢ ᠳᠡᠮᠵᠢᢈᠦ᠂ ᠪᠣᠯᠪᠠᠰᠤᠷᠠᠯ ᠲᠠᠢ ᠬᠣᠯᠪᠤᠭᠠᠲᠠᠢ ᠴᠠᢈᠢᠮᠵᠢᠭᠰᠠᠨ ᠦᠢᠯᠡᠴᠢᠯᠡᢉᠡ ᠨᠦ᠋ᢉᠦᠳ ᠢ᠋ ᠣᠯᠠᠨ ᠲᠠᠯᠠᠲᠤ ᠰᠤᠪᠠᠭ ᠢ᠋ᠶᠠᠷ ᠢᠷᢉᠡᠳ ᠢᠯᠡᢉᠦᠦ ᢈᠢᠯᠪᠠᠷ ᠡᠩ ᠦ᠋ᠨ ᠪᠠᠶᠢᠳᠠᠯ ᠢ᠋ᠶᠠᠷ ᢈᠦᠷᢉᠡᢈᠦ ᠻᠣᠨ᠋ᠲ᠋ᠧᠨ᠋ᠲ ᠤ᠋ᠳ ᠢ᠋ ᠬᠠᠮᠲᠤᠷᠠᠨ ᢈᠡᠷᠡᢉᠵᠢᢉᠦᠯᢈᠦ ᠪᠡᠷ ᠰᠠᠨᠠᠯ ᠰᠣᠯᠢᠯᠴᠠᠯᠠ᠃
ᠢᠩᢉᠢᢉᠰᠡᠨ ᠢ᠋ᠶᠡᠷ ᠢᠷᢉᠡᠳ ᠥᠪᠡᠷ ᠲᠦ ᢈᠡᠷᠡᢉᠲᠡᠢ ᠦᠢᠯᠡᠴᠢᠯᠡᢉᠡ ᠪᠡᠨ ᢈᠦᠨᠳᠦ ᠰᠤᠷᠲᠠᠯ ᠦᢉᠡᠢ᠂ᠴᠠᠭ ᠠᠯᠳᠠᠯ ᠦᢉᠡᠢ ᠠᠪᠬᠤ ᠠ᠋ᠴᠠ ᠭᠠᠳᠠᠨᠠ ᠮᠡᠳᠡᢉᠡᠯᠡᠯ ᠦ᠋ᠨ ᠢᠯᠡ ᠲᠣᠳᠤ ᠪᠠᠶᠢᠳᠠᠯ ᠢ᠋ ᠬᠠᠩᠭᠠᠵᠤ᠂ ᠲᠥᠷᠦ ᠶ᠋ᠢᠨ ᠪᠠᠶᠢᠭᠤᠯᠤᠯᠭᠠ ᠨᠤᠭᠤᠳ ᠢᠷᢉᠡᠳ ᠡᠴᠡ ᠳᠠᠪᠬᠤᠷ ᠮᠡᠳᠡᢉᠡᠯᠡᠯ ᠱᠠᠭᠠᠷᠳᠠᠬᠤ ᠦᢉᠡᠢ ᠰᠢᠭᠤᠳ ᠦᠢᠯᠡᠴᠢᠯᠡᢉᠡ ᠶ᠋ᠢ ᠠᠪᠬᠤ ᠪᠣᠯᠤᠮᠵᠢ ᠤᠯᠠᠮ ᠰᠠᠶᠢᠵᠢᠷᠠᠬᠤ ᠶᠤᠮ᠃
ᠴᠠᠭᠠᠰᠢᠳᠠ ᠪᠣᠯᠪᠠᠰᠤᠷᠠᠯ ᠤ᠋ᠨ ᠪᠠᠶᠢᠭᠤᠯᠤᠯᠭᠠ ᠶ᠋ᠢᠨ ᠡᠷᠢᠯᠲᠡ ᢈᠡᠷᠡᢉᠴᠡᢉᠡᠲᠡᠢ ᠦᠢᠯᠡᠴᠢᠯᠡᢉᠡ ᠱᠠᠲᠤ ᠳᠠᠷᠠᠭᠠ ᠲᠠᠢ ᠴᠠᢈᠢᠮ ᢈᠡᠯᠪᠡᠷᠢ ᠰᠢᠯᠵᠢᠵᠦ ᠢᠷᢉᠡᠳ ᠦ᠋ᠨ ᠠᠮᠢᠳᠤᠷᠠᠯ ᠢ᠋ ᢈᠢᠯᠪᠠᠷᠰᠢᠭᠤᠯᠬᠤ ᠲᠡᠳᠦᠢ ᠦᢉᠡᠢ ᠲᠦᠷᠦ ᠶ᠋ᠢᠨ ᠦᠢᠯᠡᠴᠢᠯᠡᢉᠡᠨ ᠦ᠋ ᠴᠢᠨᠠᠷ ᠢ᠋ ᠰᠠᠶᠢᠵᠢᠷᠠᠭᠤᠯᠬᠤ ᠰᠲ᠋ᠷᠠᠲ᠋ᠧᢉᠢ ᠶ᠋ᠢᠨ ᠲᠣᠮᠤᠬᠠᠨ ᠦᠷᠡ ᠳ᠋ᠦᠩ ᠶᠠᠭᠤᠮᠠ᠃