“ᠢ-ᠮᠣᠩᠭᠤᠯ ᠠᠻᠠᠳ᠋ᠧᠮᠢ” ᠤᠲᠤᠭ ᠨᠢ ᠪᠠᠶᠢᠭᠤᠯᠤᠭᠳᠠᠭᠰᠠᠨ ᠴᠠᠭ ᠠ᠋ᠴᠠ ᠪᠠᠨ ᠡᢈᠢᠯᠡᢉᠡᠳ ᠤᠯᠤᠰ ᠤ᠋ᠨ ᠪᠦᠷᠢᠳᢈᠡᠯ ᠦ᠋ᠨ ᠶᠡᠷᠦᠩᢈᠡᠢ ᠭᠠᠵᠠᠷ ᠲᠤ ᠬᠠᠮᠲᠤᠷᠠᠨ ᠠᠵᠢᠯᠯᠠᠨ ᠢᠷᢉᠡᠳ ᠦ᠋ᠨ ᠬᠠᠮᠤᠭ ᠤ᠋ᠨ ᠡᠷᠢᠯᠲᠡ ᠲᠡᠢ ᠑᠒᠙ ᠦᠢᠯᠡᠴᠢᠯᠡᢉᠡ ᠶ᠋ᠢ ᠴᠠᢈᠢᠮ ᠳ᠋ᠤ ᠰᠢᠯᠵᠢᢉᠦᠯᠦᢉᠰᠡᠨ᠃ E-Mongolia᠂ᠹ᠂ E-Business ᠰᠢᠰᠲ᠋ᠧᠮ ᠳ᠋ᠦ ᠨᠡᠶᠢᠲᠡ ᠳ᠋ᠦ ᠪᠡᠨ ᠦᠪᠧᢉ- ᠤ᠋ᠨ ᠑᠒᠙ ᠦᠢᠯᠡᠴᠢᠯᠡᢉᠡ ᠶ᠋ᠢ ᠴᠠᢈᠢᠮᠵᠢᠭᠤᠯᠤᠭᠰᠠᠨ ᠢ᠋ᠶᠠᠷ ᠢᠷᢉᠡᠨ᠂ ᠠᠵᠤ ᠠᠬᠤᠢ ᠶ᠋ᠢᠨ ᠨᠢᢉᠡᠴᠡ ᠳ᠋ᠦ ᠴᠠᠭ ᠬᠤᠭᠤᠴᠠᠭᠠ᠂ ᠵᠠᠷᠤᠳᠠᠯ ᢈᠡᠮᠨᠡᢉᠰᠡᠨ᠂ ᢈᠦᠷᠲᠡᢉᠡᠮᠵᠢᠲᠡᠢ ᠰᠢᠨᠡ ᠣᠷᠴᠢᠨ ᠢ᠋ ᠪᠦᠷᠢᠳᠦᢉᠦᠯᠦᢉᠰᠡᠨ ᠶᠤᠮ᠃
ᠲᠥᠷᠦ ᠶ᠋ᠢᠨ ᠦᠢᠯᠡᠴᠢᠯᠡᢉᠡᠨ ᠦ᠋ ᠰᠢᠨᠡᠴᠢᠯᠡᠯ ᠦ᠋ᠨ ᢈᠦᠷᠢᠶᠡᠨ ᠳ᠋ᠦ ᠮᠣᠩᠭᠣᠯ ᠤᠯᠤᠰ ᠤ᠋ᠨ ᠪᠦᠷᠢᠳᢈᠡᠯ ᠦ᠋ᠨ ᠭᠠᠵᠠᠷ ᠪᠣᠯᠤᠨ ᠴᠠᢈᠢᠮ ᢈᠥᢉᠵᠢᠯ ᠦ᠋ᠨ ᠶᠠᠮᠤᠨ ᠤ᠋ ᠬᠠᠷᠢᠶᠠ “E-Mongolia” ᠲᠥᠰᠦᠯ ᠦ᠋ᠨ ᠬᠠᠮᠲᠤ ᠶ᠋ᠢᠨ ᠠᠵᠢᠯᠯᠠᠭᠠ ᠠᠮᠵᠢᠯᠲᠠᠲᠠᠢ ᠦᠷᢉᠦᠯᠵᠢᠯᠡᠵᠦ᠂ ᠨᠡᠶᠢᠲᠡ ᠑᠒᠙ ᠲᠥᠷᠦᠯ ᠦ᠋ᠨ ᠦᠢᠯᠡᠴᠢᠯᠡᢉᠡ ᠴᠠᢈᠢᠮ ᢈᠡᠯᠪᠡᠷᠢ ᠳ᠋ᠦ ᠰᠢᠯᠵᠢᢉᠡᠳ ᠪᠠᠶᠢᠨᠠ᠃ ᠡᢉᠦᠨ ᠡᠴᠡ ᠖᠙ ᠦᠶᠢᠯᠡᠴᠢᠯᠡᢉᠡ ᠨᠢ ᠢᠷᢉᠡᠳ ᠲᠦ ᠵᠣᠷᠢᠭᠤᠯᠤᠭᠰᠠᠨ E-Mongolia ᠫᠯᠠᠲ᠋ᠹᠣᠷᠮ ᠳ᠋ᠤ᠂ ᠦᠯᠡᠳᠡᢉᠰᠡᠨ ᠖᠐ ᠨᠢ ᠪᠠᠶᠢᠭᠤᠯᠤᠯᠭᠠ ᠨᠤᠭᠤᠳ ᠲᠤ ᠵᠣᠷᠢᠭᠤᠯᠤᠭᠰᠠᠨ E-Business ᠰᠢᠰᠲ᠋ᠧᠮ ᠳ᠋ᠦ ᠲᠤᠰ ᠲᠤᠰ ᠪᠠᠶᠢᠷᠢᠰᠢᠨ᠂ ᠬᠠᠮᠤᠭ ᠤ᠋ᠨ ᠶᠡᢈᠡ ᠡᠷᠢᠯᠲᠡ ᢈᠡᠷᠡᢉᠴᠡᢉᠡᠲᠡᠢ ᠲᠥᠷᠦ ᠶ᠋ᠢᠨ ᠪᠦᠷᠢᠳᢈᠡᠯ ᠦ᠋ᠨ ᠦᠢᠯᠡᠴᠢᠯᠡᢉᠡ ᠶ᠋ᠢ ᠲᠦᠷᢉᠡᠨ ᠰᠢᠭᠤᠷᠬᠠᠢ ᠠᠪᠬᠤ ᠨᠥᢈᠦᠴᠡᠯ ᠪᠦᠷᠢᠳᠦᢉᠡᠳ ᠪᠠᠶᠢᠨᠠ᠃
ᠴᠠᢈᠢᠮ ᠰᠢᠯᠵᠢᠯᠲᠡ ᠡᠴᠡ ᠡᠮᠦᠨᠡᢈᠢ ᠨᠥᢈᠦᠴᠡᠯ ᠪᠠᠶᠢᠳᠠᠯ ᠢ᠋ ᠡᠷᢉᠢᠨ ᠰᠠᠨᠠᠬᠤ ᠳ᠋ᠤ᠂ ᠢᠷᢉᠡᠳ ᠪᠢᠳᠡ ᠤᠯᠤᠰ ᠤ᠋ᠨ ᠪᠦᠷᠢᠳᢈᠡᠯ ᠦ᠋ᠨ ᠭᠠᠵᠠᠷ᠂ ᢈᠡᠯᠲᠡᠰᠲᠦ ᠪᠡᠶᠡᠴᠢᠯᠡᠨ ᠣᠴᠢᠬᠤ ᠱᠠᠭᠠᠷᠳᠠᠯᠭᠠ ᠲᠠᠢ ᠪᠠᠶᠢᠭᠰᠠᠨ᠃ ᠡᠨᠡ ᠨᠢ:
- ᠳᠠᠷᠠᠭᠠᠯᠠᠯ ᠳ᠋ᠤ ᢈᠡᠳᠦᠨ ᠴᠠᠭ ᠵᠠᠷᠤᠴᠠᠭᠤᠯᠳᠠᠭ᠂
- ᠠᠵᠢᠯ ᠤ᠋ᠨ ᠴᠠᠭ ᠢ᠋ᠶᠠᠷ ᠠᠮᠵᠢᠵᠤ ᠣᠴᠢᠬᠤ ᢈᠦᠨᠳᠦᠷᠡᠯ ᠲᠡᠢ᠂
- ᠵᠠᠷᠢᠮ ᠲᠣᢈᠢᠶᠠᠯᠳᠤᠯ ᠳ᠋ᠤ ᠪᠦᠷᠢᠳᢈᠡᠯ ᢈᠢᠯᢉᠡᢈᠦ ᠳ᠋ᠦ ᠪᠡᠨ ᠪᠦᠷᠢᠨ ᠮᠡᠳᠡᢉᠡᠯᠡᠯ ᠦᢉᠡᠢ ᠡᠴᠡ ᠰᠢᠯᠲᠠᠭᠠᠯᠠᠨ ᠳᠠᢈᠢᠨ ᠬᠠᠨᠳᠤᠬᠤ᠂
- ᠬᠣᠯᠪᠤᠭᠳᠠᠬᠤ ᠪᠢᠴᠢᢉ ᠪᠠᠷᠢᠮᠲᠠ ᠪᠠᠨ ᠪᠡᠶᠡ ᠳ᠋ᠦ ᠪᠡᠨ ᠠᠪᠴᠤ ᠶᠠᠪᠤᠬᠤ ᢉᠡᢈᠦ ᠮᠡᠲᠦ ᠣᠯᠠᠨ ᢈᠦᠨᠳᠦᠷᠡᠯᠲᠡᠢ ᠠᠰᠠᠭᠤᠳᠠᠯ ᠤ᠋ᠳ ᠲᠤᠯᠭᠠᠷᠠᠵᠤ ᠠᠰᠤᠷᠤ ᠶᠡᢈᠡ ᠴᠠᠭ ᠬᠤᠭᠤᠴᠠᠭᠠ᠂ ᠰᠡᠳᢈᠢᠯ ᠵᠦᠢ᠂ ᠵᠠᠷᠤᠳᠠᠯ ᠱᠠᠭᠠᠷᠳᠠᠳᠠᠭ ᠪᠠᠶᠢᠭᠰᠠᠨ᠃
ᠢᠷᢉᠡᠳ ᠲᠥᠷᠦ ᠶ᠋ᠢᠨ ᠦᠢᠯᠡᠴᠢᠯᠡᢉᠡ ᠠᠪᠬᠤ ᠳ᠋ᠤ ᠪᠠᠨ ᠲᠥᠪ ᠪᠠᠶᠢᠭᠤᠯᠤᠯᠭᠠ ᠳ᠋ᠤ ᠵᠠᠪᠠᠯ ᠣᠴᠢᠬᠤ᠂ ᢈᠦᠯᠢᠶᠡᠯᢉᠡ ᠶ᠋ᠢᠨ ᠲᠠᠩᢈᠢᠮ ᠳ᠋ᠤ ᠴᠠᠭ ᠬᠤᠭᠤᠴᠠᠭᠠ ᠥᠩᢉᠡᠷᠡᢉᠡᢈᠦ ᠨᠢ ᢈᠡᠪ ᠦ᠋ᠨ ᠦᠵᠡᢉᠳᠡᠯ ᠪᠣᠯᠤᠭᠰᠠᠨ ᠪᠠᠶᠢᠭᠰᠠᠨ ᠨᠢ ᠲᠥᠷᠦ᠂ ᠢᠷᢉᠡᠨ ᠬᠣᠶᠠᠷ ᠤ᠋ᠨ ᠬᠣᠭᠤᠷᠤᠨᠳᠤ ᠶ᠋ᠢᠨ ᠬᠠᠷᠢᠯᠴᠠᠭᠠ ᠶ᠋ᠢ “ᠠᠯᠪᠠᠨ ᠶᠣᠰᠤᠨ ᠤ᠋᠂ ᠲᠥᠪᠡᢉ ᠲᠡᠢ” ᢉᠡᠳᠡᢉ ᠢ᠋ᠶᠡᠷ ᠲᠥᠰᠦᢉᠡᠯᠡᢉᠦᠯᠳᠡᢉ ᠪᠠᠶᠢᠯᠠ᠃
ᠬᠠᠷᠢᠨ ᠣᠳᠤ ᠪᠢᠳᠡ ᢈᠡᠳᠦᢈᠡᠨ ᠬᠣᠷᠤᠮ ᠤ᠋ᠨ ᠳᠣᠲᠤᠷᠠ ᠭᠠᠷ ᠤᠲᠠᠰᠤ ᠪᠠᠷ ᠢ᠋ᠶᠠᠨ ᠠᠪᠬᠤ ᠪᠣᠯᠤᠮᠵᠢ:
E-Mongolia ᠰᠢᠰᠲ᠋ᠧᠮ ᠨᠡᠪᠲᠡᠷᠡᢉᠰᠡᠨ ᠢ᠋ᠶᠡᠷ ᠡᠨᠡ ᠨᠥᢈᠦᠴᠡᠯ ᠪᠠᠶᠢᠳᠠᠯ ᠪᠦᠷᠢᠨ ᠥᢉᠡᠷᠡᠴᠢᠯᠡᢉᠳᠡᢉᠰᠡᠨ᠃ ᠢᠷᢉᠡᠨ᠂ ᠠᠵᠤ ᠠᠬᠤᠢ ᠶ᠋ᠢᠨ ᠨᠢᢉᠡᠴᠡ ᠨᠦ᠋ᢉᠦᠳ:
- ᠴᠠᢈᠢᠮ ᠪᠦᠷᠢᠳᢈᠡᠯ ᠦ᠋ᠨ ᠯᠠᠪᠯᠠᠭᠠ᠂ ᠮᠡᠳᠡᢉᠡᠯᠡᠯ ᠢ᠋ ᠭᠠᠷ ᠤᠲᠠᠰᠤ᠂ ᠻᠣᠮᠫᠢᠶᠦ᠋ᠲ᠋ᠧᠷ ᠠᠰᠢᠭᠯᠠᠨ᠂ ᠬᠠᠮᠢᠭᠠ ᠠ᠋ᠴᠠ ᠴᠤ᠂ ᢈᠡᠳᠦᠢ ᠳ᠋ᠦ ᠴᠤ ᠠᠪᠬᠤ ᠪᠣᠯᠤᠮᠵᠢ ᠲᠠᠢ;
- ᠦᠢᠯᠡᠴᠢᠯᠡᢉᠡᠨ ᠦ᠋ ᠶᠠᠪᠤᠴᠠ ᠪᠦᠷᠢᠨ ᠴᠠᢈᠢᠮ ᠳ᠋ᠤ ᠰᠢᠯᠵᠢᢉᠰᠡᠨ ᠲᠤᠯᠠ ᠪᠠᠷᠢᠮᠲᠠ ᠪᠦᠷᠢᠳᠦᢉᠦᠯᢈᠦ᠂ ᢈᠦᠯᠢᠶᠡᠯᢉᠡ ᠶ᠋ᠢᠨ ᠲᠠᠩᢈᠢᠮ ᠳ᠋ᠤ ᠴᠠᠭ ᠵᠠᠪ ᠢ᠋ᠶᠠᠨ ᠠᠯᠳᠠᠨ ᢈᠦᠯᠢᠶᠡᢈᠦ ᠱᠠᠭᠠᠷᠳᠠᠯᠭᠠ ᠦᢉᠡᠢ ᠪᠣᠯᠤᠭᠰᠠᠨ;
- ᠬᠤᠪᠢ ᠶ᠋ᠢᠨ ᠮᠡᠳᠡᢉᠡᠯᠡᠯ ᠪᠠᠲᠤᠯᠠᠭᠠᠲᠠᠢ᠂ ᠰᠢᠰᠲ᠋ᠧᠮ ᠦ᠋ᠨ ᠬᠠᠮᠠᠭᠠᠯᠠᠯᠲᠠ ᠲᠠᠢ ᠣᠷᠴᠢᠨ ᠳ᠋ᠤ ᠳᠠᠮᠵᠢᠳᠠᠭ ᠲᠤᠯᠠ ᠨᠠᠶᠢᠳᠠᠪᠤᠷᠢᠲᠠᠢ᠂ ᠬᠤᠷᠳᠤᠨ ᠰᠢᠭᠤᠷᠬᠠᠢ ᠦᠶᠢᠯᠡᠴᠢᠯᠡᢉᠡᠨ ᠦ᠋ ᠰᠢᠨᠡ ᠰᠲ᠋ᠠᠨᠳᠠᠷᠲ ᠪᠦᠷᠢᠳᠦᢉᠰᠡᠨ᠃
ᠲᠤᠬᠠᠶᠢᠯᠠᠪᠠᠯ: ᠢᠷᢉᠡᠳ ᠢᠷᢉᠡᠨ ᠦ᠋ ᠦᠨᠡᠮᠯᠡᢈᠦ᠂ ᠲᠥᠷᠦᢉᠰᠡᠨ ᠦ᠋ ᢉᠡᠷᠡᠴᠢᠯᠡᢉᠡ᠂ᢉᠡᠷᠯᠡᠯᠲᠡ ᠶ᠋ᠢᠨ ᠪᠦᠷᠢᠳᢈᠡᠯ᠂ ᠣᠷᠤᠰᠢᠨ ᠰᠠᠭᠤᠭᠠ ᠬᠠᠶ᠋ᠢᠭ᠂ ᠡᠳ᠋ ᢈᠥᠷᠦᠩᢉᠡ ᠶ᠋ᠢᠨ ᠪᠦᠷᠢᠳᢈᠡᠯ ᠦ᠋ᠨ ᠮᠡᠳᠡᢉᠡᠯᠡᠯ᠂ ᠬᠠᠤᠯᠢ ᠶ᠋ᠢᠨ ᠡᠲᠡᢉᠡᠳ ᠦ᠋ᠨ ᠪᠦᠷᠢᠳᢈᠡᠯ᠂ ᠲᠠᠮᠠᠭᠠ ᠲᠡᠮᠳᠡᢉ ᠦ᠋ᠨ ᠵᠠᢈᠢᠶᠠᠯᠠᠭᠠ ᠵᠡᠷᢉᠡ ᠣᠯᠠᠨ ᠦᠶᠢᠯᠡᠴᠢᠯᠡᢉᠡ ᠶ᠋ᠢ E-Mongolia ᠪᠣᠯᠤᠨ E-Business ᠰᠢᠰᠲ᠋ᠧᠮ ᠢ᠋ᠶᠡᠷ ᠠᠪᠬᠤ ᠪᠦᠷᠢᠨ ᠪᠣᠯᠤᠮᠵᠢ ᠲᠠᠢ ᠪᠣᠯᠤᠭᠰᠠᠨ ᠨᠢ ᠴᠠᠭᠠᠰᠤᠨ ᠠ᠋ᠴᠠ ᠴᠠᢈᠢᠮ ᠤᠷᠤᠭᠤ᠂ ᠳᠠᠮᠵᠢᠭᠤᠯᠤᠯᠲᠠ ᠠ᠋ᠴᠠ ᠰᠢᠭᠤᠳ ᢈᠦᠷᠲᠡᢉᠡᠮᠵᠢ ᠤᠷᠤᠭᠤ ᢈᠢᢉᠰᠡᠨ ᠲᠣᠮᠤᠬᠠᠨ ᠠᠮᠵᠢᠯᠲᠠ ᠶᠤᠮ᠃
E-Business ᠰᠢᠰᠲ᠋ᠧᠮ ᠳ᠋ᠦ ᠰᠢᠯᠵᠢᢉᠰᠡᠨ ᠖᠐ ᠦᠢᠯᠡᠴᠢᠯᠡᢉᠡ ᠨᠢ ᠬᠤᠪᠢ ᠶ᠋ᠢᠨ ᢈᠡᠪᠰᠢᠯ᠂ ᠬᠠᠤᠯᠢ ᠶ᠋ᠢᠨ ᠡᠲᠡᢉᠡᠳ ᠦ᠋ᠳ ᠲᠦ ᠵᠣᠷᠢᠭᠤᠯᠤᠭᠰᠠᠨ ᠬᠠᠮᠤᠭ ᠤ᠋ᠨ ᠡᠷᠢᠯᠲᠡ ᠲᠡᠢ᠂ ᠴᠢᠬᠤᠯᠠ ᠪᠦᠷᠢᠳᢈᠡᠯ ᠦ᠋ᠨ ᠦᠶᠢᠯᠡᠴᠢᠯᠡᢉᠡ ᠶ᠋ᠢ ᠪᠠᠭᠲᠠᠭᠠᠭᠰᠠᠨ᠃ ᠡᢉᠦᠨ ᠳ᠋ᠦ:
- ᠬᠠᠤᠯᠢ ᠶ᠋ᠢᠨ ᠡᠲᠡᢉᠡᠳ ᠰᠢᠨᠡ ᠪᠡᠷ ᠡᢉᠦᠰᢈᠡᢈᠦ᠂
- ᠲᠠᠮᠠᠭᠠ᠂ ᠲᠡᠮᠳᠡᢉ ᠵᠠᢈᠢᠶᠠᠯᠠᠬᠤ᠂
- ᠦᠨᠳᠦᠰᠦᠨ ᠪᠦᠷᠢᠳᢈᠡᠯ ᠳ᠋ᠦ ᠥᢉᠡᠷᠡᠴᠢᠯᠡᠯᠲᠡ ᠣᠷᠤᠭᠤᠯᠬᠤ᠂
- ᠬᠠᠤᠯᠢ ᠶ᠋ᠢᠨ ᠡᠲᠡᢉᠡᠳ ᠦ᠋ᠨ ᢉᠡᠷᠡᠴᠢᠯᠡᢉᠡ ᢈᠡᠪᠯᠡᢉᠦᠯᢈᠦ ᠵᠡᠷᢉᠡ ᠪᠠᠭᠲᠠᠭᠰᠠᠨ ᠪᠥᢉᠡᠳ ᠡᠳᠡᢉᠡᠷ ᠢ᠋ ᠡᠮᠦᠨᠡ ᠨᠢ ᠭᠠᠷ ᠪᠢᠴᠢᠮᠡᠯ ᠮᠠᠶᠢᠭᠲᠤ᠂ ᠣᠯᠠᠨ ᠱᠠᠲᠤ ᠳᠠᠮᠵᠢᠯᠭᠠ ᠲᠠᠢ ᠪᠠᠷ ᠰᠢᠢᠳᠪᠦᠷᠢᠯᠡᠳᠡᢉ ᠪᠠᠶᠢᠭᠰᠠᠨ ᠪᠣᠯ ᠣᠳᠤ ᠨᠢᢉᠡ ᠲᠣᠪᠰᠢᠯᠲᠠ ᠪᠠᠷ᠂ ᠒᠔/᠗ ᢈᠡᠵᠢᠶᠡᠳᠡ ᠴᠤ ᠠᠪᠬᠤ ᠪᠣᠯᠤᠮᠵᠢ ᠲᠠᠢ ᠪᠣᠯᠵᠤ ᢈᠢᠯᠪᠠᠷ ᠪᠠᠶᠢᠳᠠᠯ ᠢ᠋ ᠪᠤᠢ ᠪᠣᠯᠭᠠᠭᠰᠠᠨ᠃
ᠴᠠᢈᠢᠮ ᠰᠢᠯᠵᠢᠯᠲᠡ ᠶ᠋ᠢᠨ ᠦᠷᠡ ᠳ᠋ᠦᠩ ᠠᠮᠵᠢᠯᠲᠠᠲᠠᠢ ᢈᠡᠷᠡᢉᠵᠢᠵᠦ ᠪᠠᠶᠢᠭᠠ ᠴᠤ ᠵᠠᠷᠢᠮ ᠢᠷᢉᠡᠳ ᠦ᠋ᠨ ᠬᠤᠪᠢ ᠳ᠋ᠤ ᠪᠦᠷᠢᠨ ᠳᠦᢉᠦᠷᠡᠩ ᠮᠡᠳᠡᢉᠡᠯᠡᠯ ᠠᠪᠴᠤ ᠴᠢᠳᠠᠬᠤ ᠦᢉᠡᠢ᠂ᠳᠡᠯᢉᠡᠷᠡᠩᢉᠦᠢ ᠮᠡᠳᠡᢉᠡᠯᠡᠯ ᠠᠪᠬᠤ ᠰᠤᠪᠠᠭ ᠤ᠋ᠳ ᠤ᠋ᠨ ᠳᠤᠲᠠᠮᠠᠭ ᠪᠠᠶᠢᠳᠠᠯ ᠪᠣᠯᠤᠭᠠᠳ ᠪᠤᠰᠤᠳ ᢈᠦᠨᠳᠦᠷᠡᠯ ᠦ᠋ᠳ ᠭᠠᠷᠳᠠᠭ ᠤᠴᠢᠷ ᠠ᠋ᠴᠠ ᠥᠨᠦᠳᠦᠷ /᠒᠐᠒᠕᠂᠐᠕᠂᠑᠖/ “ᠢ-ᠮᠣᠩᠭᠤᠯ ᠠᠻᠠᠳ᠋ᠧᠮᠢ” ᠤᠲᠤᠭ᠂ ᠤᠯᠤᠰ ᠤ᠋ᠨ ᠪᠦᠷᠢᠳᢈᠡᠯ ᠦ᠋ᠨ ᠶᠡᠷᠦᠩᢈᠡᠢ ᠭᠠᠵᠠᠷ ᠤ᠋ᠨ ᢈᠡᠪᠯᠡᠯ ᠮᠡᠳᠡᢉᠡᠯᠡᠯ ᠬᠠᠷᠢᠭᠤᠴᠠᠭᠰᠠᠨ ᠤᠳᠤᠷᠢᠳᠤᠯᠭᠠ᠂ ᠠᠯᠪᠠ ᠬᠠᠭᠠᠭᠴᠢ ᠳ᠋ᠤ ᠠᠭᠤᠯᠵᠠᠯᠲᠠ ᠵᠣᢈᠢᠶᠠᠨ ᠪᠠᠶᠢᠭᠤᠯᠤᠭᠰᠠᠨ ᠶᠤᠮ᠃ ᠡᠨᠡ ᢈᠦ ᠠᠭᠤᠯᠵᠠᠯᠲᠠ ᠶ᠋ᠢᠨ ᠭᠣᠣᠯ ᠵᠣᠷᠢᠯᠭᠠ ᠨᠢ:
- ᠴᠠᢈᠢᠮ ᠦᠢᠯᠡᠴᠢᠯᠡᢉᠡ ᠶ᠋ᠢ ᠣᠯᠠᠨ ᠨᠡᠶᠢᠲᠡ ᠳ᠋ᠦ ᠢᠯᠡᢉᠦᠦ ᠣᠶᠢᠯᠠᠭᠠᠮᠵᠢᠲᠠᠢ᠂ ᢈᠦᠷᠲᠡᢉᠡᠮᠵᠢ ᠲᠡᠢ ᠪᠣᠯᠭᠠᠬᠤ
- ᠮᠡᠳᠡᢉᠡᠯᠡᠯ ᠦ᠋ᠨ ᠰᠤᠪᠠᠭ ᠢ᠋ ᠥᠷᢉᠡᠵᠢᢉᠦᠯᠵᠦ᠂ ᢈᠡᠷᠡᢉᠯᠡᢉᠴᠢᠳ ᠢ᠋ ᠱᠠᠲᠤ ᠳᠠᠷᠠᠭᠠᠯᠠᠭᠰᠠᠨ ᠵᠢᠭᠠᠪᠤᠷᠢ ᠪᠠᠷ ᠬᠠᠩᠭᠠᠬᠤ
- ᠲᠥᠷᠦ ᠶ᠋ᠢᠨ ᠦᠢᠯᠡᠴᠢᠯᠡᢉᠡᠨ ᠦ᠋ ᠲᠡᢉᠰᠢ᠂ ᢈᠦᠷᠲᠡᢉᠡᠮᠵᠢ ᠲᠡᠢ ᢈᠦᠷᢈᠡᢈᠦ ᠶᠤᠮ᠃