ᠵᠢᠯᠤᠭᠤᠴᠢ ᠲᠠ ᠲᠡᢉᠡᢉᠡᠪᠦᠷᠢ ᠶ᠋ᠢᠨ ᢈᠡᠷᠡᢉᠰᠡᠯ ᠦ᠋ᠨ ᠢ᠋ᠶᠡᠨ ᠲᠠᠲᠠᠪᠤᠷᠢ ᠶ᠋ᠢ E-Mongolia ᠰᠢᠰᠲ᠋ᠧᠮ ᠢ᠋ᠶᠡᠷ ᢈᠢᠯᠪᠠᠷᠬᠠᠨ ᠲᠥᠯᠦᢈᠦ ᠪᠣᠯᠤᠮᠵᠢ ᠲᠠᠢ᠃ ᠬᠠᠤᠯᠢ ᠶ᠋ᠢᠨ ᠳᠠᠭᠠᠭᠤ ᠠᠦ᠋ᠲ᠋ᠣ᠋ ᠲᠡᢉᠡᢉᠡᠪᠦᠷᠢ ᠶ᠋ᠢᠨ ᠪᠣᠯᠤᠨ ᠥᠪᠡᠷ ᠢ᠋ᠶᠡᠨ ᠶᠠᠪᠤᠭᠴᠢ ᢈᠡᠷᠡᢉᠰᠡᠯ ᠦ᠋ᠨ ᠠᠯᠪᠠᠨ ᠲᠠᠲᠠᠪᠤᠷᠢ ᠶ᠋ᠢ ᠵᠢᠯ ᠪᠦᠷᠢ ᠶ᠋ᠢᠨ ᠵᠢᠷᠭᠤᠭᠠᠳᠤᠭᠠᠷ ᠰᠠᠷᠠ ᠶ᠋ᠢᠨ ᠑-ᠨᠢ ᠡᠳᠦᠷ ᠡᠴᠡ ᠡᠮᠦᠨᠡ ᠬᠠᠷᠢᠶᠠ ᠲᠠᠲᠠᠪᠤᠷᠢ ᠶ᠋ᠢᠨ ᠠᠯᠪᠠᠨ ᠳ᠋ᠤ ᠲᠥᠯᠦᢈᠦ ᠶᠣᠰᠤᠲᠠᠢ ᢉᠡᠵᠦ ᠵᠢᠭᠠᠭᠰᠠᠨ ᠪᠠᠶᠢᠳᠠᠭ᠃
ᢈᠡᠷᠪᠡ ᠬᠤᠭᠤᠴᠠᠭᠠᠨ ᠳ᠋ᠠᠭᠠᠨ ᠲᠥᠯᠦᢉᠡ ᠦᢉᠡᠢ ᠲᠣᢈᠢᠶᠠᠯᠳᠤᠯ ᠳ᠋ᠤ ᠲᠠᠨ ᠤ᠋ ᠲᠡᢉᠡᢉᠡᠪᠦᠷᠢ ᠶ᠋ᠢᠨ ᢈᠡᠷᠡᢉᠰᠡᠯ ᠵᠠᠮ ᠤ᠋ᠨ ᢈᠥᠳᠡᠯᢉᠡᢉᠡᠨ ᠳ᠋ᠦ ᠣᠷᠤᠯᠴᠠᠬᠤ ᠡᠷᢈᠡ ᢈᠢᠵᠠᠭᠠᠷᠯᠠᠭᠳᠠᠬᠤ ᢈᠦᠷᠲᠡᠯᠡ ᠠᠷᠭᠠ ᢈᠡᠮᠵᠢᠶᠡ ᠠᠪᠳᠠᠭ ᢉᠡᠳᠡᢉ ᠢ᠋ ᠠᠩᠬᠠᠷᠤᠨᠠ ᠤᠤ᠃
᠒᠐᠒᠕ ᠣᠨ ᠠ᠋ᠴᠠ ᠡᢈᠢᠯᠡᠨ ᠲᠠᠲᠠᠪᠤᠷᠢ ᠶ᠋ᠢᠨ ᠰᠢᠨᠡ ᠵᠣᢈᠢᠴᠠᠭᠤᠯᠤᠯᠲᠠ ᠮᠥᠷᠳᠡᢉᠳᠡᠵᠦ ᠪᠠᠶᠢᠭᠠ ᠪᠥᢉᠡᠳ ᠨᠡᠶᠢᠰᠯᠡᠯ ᠦ᠋ᠨ ᢈᠡᠮᠵᠢᠶᠡᠨ ᠳ᠋ᠦ ᠪᠦᠷᠢᠳᢈᠡᠯ ᠲᠡᠢ ᠗᠑᠘᠂᠐᠐᠐ ᠲᠡᢉᠡᢉᠡᠪᠦᠷᠢ ᠶ᠋ᠢᠨ ᢈᠡᠷᠡᢉᠰᠡᠯ ᠡᠴᠡ ᠒᠒᠘᠂᠗᠑᠐ ᠨᠢ ᠲᠠᠲᠠᠪᠤᠷᠢ ᠪᠠᠨ ᠲᠥᠯᠦᢉᠡᠳ ᠪᠠᠶᠢᠨᠠ᠃ ᠡᠨᠡ ᠨᠢ ᠨᠡᠶᠢᠲᠡ ᠲᠥᠯᠦᠪᠦᠷᠢ ᠶ᠋ᠢᠨ ᢉᠦᠢᠴᠡᠳᢈᠡᠯ ᠔᠐ ᠭᠠᠷᠤᠢ ᠬᠤᠪᠢ ᢈᠦᠷᠦᢉᠡᠳ ᠪᠤᠢ ᠶ᠋ᠢ ᠬᠠᠷᠠᠭᠤᠯᠵᠤ ᠪᠠᠶᠢᠨᠠ᠃ ᠬᠠᠷᠢᠨ ᠣᠳᠤ ᠪᠠᠷ ᠑᠐᠐᠂᠐᠐᠐ ᠭᠠᠷᠤᠢ ᠢᠷᢉᠡᠨ ᠲᠠᠲᠠᠪᠤᠷᠢ ᠪᠠᠨ ᠲᠥᠯᠦᢉᠡ ᠦᢉᠡᠢ ᠪᠠᠶᠢᠨᠠ᠃
E-Mongolia-ᠭᠠᠭᠠᠷ ᢈᠡᠷᢈᠢᠨ ᠲᠠᠲᠠᠪᠤᠷᠢ ᠲᠥᠯᠦᢈᠦ ᠪᠤᠢ?
- E-Mongolia ᠰᠢᠰᠲ᠋ᠧᠮ ᠳ᠋ᠦ ᠥᠪᠡᠷ ᠦ᠋ᠨ ᠪᠦᠷᠢᠳᢈᠡᠯ ᠢ᠋ᠶᠡᠷ ᠨᠡᠪᠲᠡᠷᠡᢈᠦ;
- ᠦᠶᠢᠯᠡᠴᠢᠯᠡᢉᠡ ᠨᠦ᠋ᢉᠦᠳ ᢈᠡᠰᠡᢉ ᠡᠴᠡ “ᠲᠠᠲᠠᠪᠤᠷᠢ ᠲᠥᠯᠦᢈᠦ” ᠦᠶᠢᠯᠡᠴᠢᠯᠡᢉᠡ ᠶ᠋ᠢ ᠰᠣᠩᠭᠤᠨᠠ;
- ᠲᠡᢉᠡᢉᠡᠪᠦᠷᠢ ᠶ᠋ᠢᠨ ᢈᠡᠷᠡᢉᠰᠡᠯ ᠦ᠋ᠨ ᠮᠡᠳᠡᢉᠡᠯᠡᠯ ᠢ᠋ᠶᠡᠨ ᠰᠢᠯᠭᠠᠭᠰᠠᠨ ᠤ᠋ ᠳᠠᠷᠠᠭᠠ᠂ ᠲᠠᠲᠠᠪᠤᠷᠢ ᠪᠠᠨ ᠴᠠᢈᠢᠮ ᠢ᠋ᠶᠠᠷ ᠲᠥᠯᠦᠨᠡ᠃
ᠬᠤᠪᠢ ᢈᠦᠮᠦᠨ ᠪᠣᠯᠤᠨ ᠠᠵᠤ ᠠᠬᠤᠢ ᠶ᠋ᠢᠨ ᠨᠢᢉᠡᠴᠡ ᠶ᠋ᠢᠨ ᠲᠠᠲᠠᠪᠤᠷᠢ ᠲᠥᠯᠦᢈᠦ ᠬᠤᠭᠤᠴᠠᠭᠠ
- ᠬᠤᠪᠢ ᢈᠦᠮᠦᠨ: ᠵᠢᠯ ᠪᠦᠷᠢ ᠶ᠋ᠢᠨ ᠵᠢᠷᠭᠤᠭᠠᠳᠤᠭᠠᠷ ᠰᠠᠷᠠ ᠶ᠋ᠢᠨ ᠑-ᠨᠢ ᠡᠳᠦᠷ ᠡᠴᠡ ᠡᠮᠦᠨᠡ ᠲᠥᠯᠦᢈᠦ ᠶᠣᠰᠤᠲᠠᠢ;
- ᠠᠵᠤ ᠠᠬᠤᠢ ᠶ᠋ᠢᠨ ᠨᠢᢉᠡᠴᠡ᠂ ᠪᠠᠶᠢᠭᠤᠯᠤᠯᠭᠠ: ᠤᠯᠠᠷᠢᠯ ᠪᠦᠷᠢ ᠶ᠋ᠢᠨ ᠰᠠᠷᠠ ᠶ᠋ᠢᠨ ᠒᠕- ᠤ᠋ ᠳᠣᠲᠤᠷᠠ ᠲᠠᠲᠠᠪᠤᠷᠢ ᠪᠠᠨ ᠲᠡᠩᠴᠡᢉᠦᠦ ᠬᠤᠪᠢᠶᠠᠨ ᠲᠥᠯᠦᠨᠡ᠃
ᢈᠡᠷᠪᠡ ᠲᠡᢉᠡᢉᠡᠪᠦᠷᠢ ᠶ᠋ᠢᠨ ᢈᠡᠷᠡᢉᠰᠡᠯ ᠢ᠋ᠶᠡᠨ ᠪᠤᠰᠤᠳ ᠲᠤ ᠰᠢᠯᠵᠢᢉᠦᠯᠦᢉᠰᠡᠨ ᠪᠣᠯ ᠲᠤᠬᠠᠢ ᠶ᠋ᠢᠨ ᠤᠯᠠᠷᠢᠯ ᠤ᠋ᠨ ᠳᠠᠷᠠᠭᠠ ᠠ᠋ᠴᠠ ᠡᢈᠢᠯᠡᠨ ᠲᠠᠲᠠᠪᠤᠷᠢ ᠶ᠋ᠢᠨ ᠡᢉᠦᠷᢉᠡ ᠳᠠᠭᠤᠰᠬᠠᠪᠤᠷᠢ ᠪᠣᠯᠳᠠᠭ᠃
ᠲᠥᠯᠦᢉᠡ ᠦᢉᠡᠢ ᠲᠣᢈᠢᠶᠠᠯᠳᠤᠯ ᠳ᠋ᠤ ᢈᠦᠯᠢᠶᠡᢈᠦ ᠬᠠᠷᠢᠭᠤᠴᠠᠯᠭᠠ:
- ᠵᠠᠮ ᠤ᠋ᠨ ᢈᠥᠳᠡᠯᢉᠡᢉᠡᠨ ᠳ᠋ᠦ ᠣᠷᠤᠯᠴᠠᠬᠤ ᠡᠷᢈᠡ ᢈᠢᠵᠠᠭᠠᠷᠯᠠᠭᠳᠠᠬᠤ;
- ᠬᠠᠤᠯᠢ ᠶ᠋ᠢᠨ ᠳᠠᠭᠠᠭᠤ ᠬᠠᠷᠢᠭᠤᠴᠠᠯᠭᠠ ᢈᠦᠯᠢᠶᠡᢈᠦ ᠡᠷᠦᠰᠳᠡᠯ ᠲᠡᠢ;
- ᠮᠥᠨ ᠐᠖ ᠳ᠋ᠤᠭᠠᠷ ᠰᠠᠷᠠ ᠶ᠋ᠢᠨ ᠑-ᠨᠡᢉᠡᠰᠦ ᠬᠣᠶᠢᠰᠢ ᠢᠮᠫᠣᠷᠲ ᠢ᠋ᠶᠠᠷ ᠣᠷᠤᠵᠤ ᠢᠷᠡᢉᠰᠡᠨ ᠠᠦ᠋ᠲ᠋ᠣᠮᠠᠱᠢᠨ᠋ ᠤ᠋ ᠲᠠᠲᠠᠪᠤᠷᠢ ᠲᠤᠬᠠᠢ ᠶ᠋ᠢᠨ ᠵᠢᠯ ᠦ᠋ᠨ ᠦᠯᠡᠳᠡᢉᠰᠡᠨ ᠬᠤᠭᠤᠴᠠᠭᠠᠨ ᠳ᠋ᠤ ᠨᠣᠭᠳᠠᠬᠤ ᢈᠡᠮᠵᠢᠶᠡ ᠪᠡᠷ ᠲᠣᠭᠠᠴᠠᠭᠳᠠᠨᠠ᠃