ᠲᠥᠷᠦ ᠶ᠋ᠢᠨ ᠦᠶᠢᠯᠡᠴᠢᠯᠡᢉᠡᠨ ᠦ᠋ ᠨᠢᢉᠡᠳᠦᢉᠰᠡᠨ E-Mongolia ᠰᠢᠰᠲ᠋ᠧᠮ ᠢ᠋ᠶᠡᠷ ᠳᠠᠮᠵᠢᠭᠤᠯᠤᠨ ᠡᠷᠡᢉᠦᠯ ᠮᠡᠨᠳᠦ ᠶ᠋ᠢᠨ ᠶᠠᠮᠤᠨ ᠠ᠋ᠴᠠ ᠦᠵᠡᢉᠦᠯᠳᠡᢉ ᠨᠡᠶᠢᠲᠡ ᠒᠒ ᠲᠥᠷᠦᠯ ᠦ᠋ᠨ ᠦᠶᠢᠯᠡᠴᠢᠯᠡᢉᠡ ᠴᠠᢈᠢᠮ ᢈᠡᠯᠪᠡᠷᠢ ᠳ᠋ᠦ ᠰᠢᠯᠵᠢᠵᠦ᠂ ᠢᠷᢉᠡᠳ ᠬᠠᠮᠢᠭᠠ ᠠ᠋ᠴᠠ ᠴᠤ᠂ ᠒᠔/᠗ ᠠᠪᠬᠤ ᠪᠣᠯᠤᠮᠵᠢ ᠲᠠᠢ ᠪᠣᠯᠤᠭᠰᠠᠨ᠃
ᠡᠮᠦᠨᠡ ᠨᠢ ᠢᠷᢉᠡᠳ ᠡᠮᠨᠡᠯᢉᠡ ᠳ᠋ᠦ ᠴᠠᠭ ᠠᠪᠬᠤ᠂ ᠰᠢᠨᠵᠢᠯᠡᢉᠡᠨ ᠦ᠋ ᠬᠠᠷᠢᠭᠤ ᠬᠠᠷᠠᠬᠤ᠂ ᠡᠮᠴᠢ ᠶ᠋ᠢᠨ ᠦᠵᠡᠯᢉᠡ ᠳ᠋ᠦ ᠪᠦᠷᠢᠳᢈᠡᢉᠦᠯᢈᠦ ᠵᠡᠷᢉᠡ ᠦᠢᠯᠡᠴᠢᠯᠡᢉᠡ ᠶ᠋ᠢ ᠵᠠᠪᠠᠯ ᠪᠡᠶᠡᠴᠢᠯᠡᠨ ᠣᠴᠢᠵᠤ ᠠᠪᠳᠠᠭ᠂ ᠡᠨᠡ ᠨᠢ ᠳᠠᠷᠠᠭᠠᠯᠠᠯ ᠡᢉᠦᠰᢈᠡᢈᠦ᠂ ᠴᠠᠭ ᠬᠤᠭᠤᠴᠠᠭᠠ ᠠᠯᠳᠠᠬᠤ ᠵᠡᠷᢉᠡ ᢈᠦᠨᠳᠦᠷᠡᠯ ᠳᠠᠭᠠᠭᠤᠯᠳᠠᠭ ᠪᠠᠶᠢᠭᠰᠠᠨ ᠪᠣᠯ ᠥᠨᠦᠳᠦᠷ ᠢᠷᢉᠡᠳ ᠪᠢᠳᠡ ᠪᠦᢈᠦᠨ ᠤᠬᠠᠭᠠᠯᠢᠭ ᠤᠲᠠᠰᠤ ᠡᠰᠡᠪᠡᠯ ᠻᠣᠮᠫᠢᠶᠦ᠋ᠲ᠋ᠧᠷ ᠡᠴᠡ ᢈᠡᠳᠦᢈᠡᠨ ᠬᠣᠷᠤᠮ ᠤ᠋ᠨ ᠳᠣᠲᠤᠷᠠ ᠡᠷᠡᢉᠦᠯ ᠮᠡᠨᠳᠦ ᠶ᠋ᠢᠨ ᠡᠷᠢᠯᠲᠡ ᠲᠡᠢ ᠦᠶᠢᠯᠡᠴᠢᠯᠡᢉᠡ ᠨᠦ᠋ᢉᠦᠳ ᠢ᠋ ᠠᠪᠬᠤ ᠪᠣᠯᠤᠮᠵᠢ ᠪᠦᠷᠢᠳᠦᢉᠰᠡᠨ᠃
ᠡᠷᠡᢉᠦᠯ ᠮᠡᠨᠳᠦ ᠶ᠋ᠢᠨ ᠦᠶᠢᠯᠡᠴᠢᠯᠡᢉᠡ ᠴᠠᢈᠢᠮ ᠳ᠋ᠤ ᠰᠢᠯᠵᠢᢉᠰᠡᠨ ᠢ᠋ᠶᠡᠷ:
- ᠴᠠᠭ ᠬᠤᠭᠤᠴᠠᠭᠠ ᢈᠡᠮᠨᠡᠨᠡ
- ᠥᠪᠡᠷ ᠦ᠋ᠨ ᠡᠷᠡᢉᠦᠯ ᠮᠡᠨᠳᠦ ᠶ᠋ᠢᠨ ᠮᠡᠳᠡᢉᠡᠯᠡᠯ ᠢ᠋ ᠳᠡᠯᢉᠡᠷᠡᠩᢉᠦᠢ ᢈᠢᠨᠠᠬᠤ ᠪᠣᠯᠤᠮᠵᠢ ᠲᠠᠢ
- ᠮᠡᠳᠡᢉᠡᠯᠡᠯ ᠦ᠋ᠨ ᠠᠯᠳᠠᠭᠠ ᠪᠠᠭᠠᠰᠤᠨᠠ
- ᠨᠢᠭᠤᠴᠠᠯᠠᠯ᠂ ᠮᠡᠳᠡᢉᠡᠯᠡᠯ ᠦ᠋ᠨ ᠠᠶᠤᠯ ᠦᢉᠡᠢ ᠪᠠᠶᠢᠳᠠᠯ ᠬᠠᠩᠭᠠᠭᠳᠠᠨᠠ
- ᠮᠡᠳᠡᢉᠡᠯᠡᠯ ᠢ᠋ᠶᠡᠨ ᠲᠠᠲᠠᠬᠤ᠂ ᠪᠤᠰᠤᠳ ᠲᠤ ᠢᠯᠡᢉᠡᢈᠦ ᠪᠣᠯᠤᠮᠵᠢ ᠲᠠᠢ
E-Mongolia ᠰᠢᠰᠲ᠋ᠧᠮ ᠢ᠋ᠶᠡᠷ ᠳᠠᠮᠵᠢᠭᠤᠯᠤᠨ ᠠᠪᠬᠤ ᠪᠣᠯᠤᠮᠵᠢ ᠲᠠᠢ ᠡᠷᠡᢉᠦᠯ ᠮᠡᠨᠳᠦ ᠶ᠋ᠢᠨ ᠒᠒ ᠦᠶᠢᠯᠡᠴᠢᠯᠡᢉᠡ:
ᠸᠠᠻᠼᠢᠨ ᠤ᠋ ᢉᠡᠷᠡᠴᠢᠯᠡᢉᠡ |
ᠡᠮᠨᠡᠯᢉᠡ ᠳ᠋ᠦ ᠴᠠᠭ ᠠᠪᠬᠤ |
ᠡᠮᠨᠡᠯᢉᠡ ᠶ᠋ᠢᠨ ᠮᠠᠭᠠᠳᠯᠠᠭᠠ |
ᠰᠢᠨᠵᠢᠯᠡᢉᠡᠨ ᠦ᠋ ᠬᠠᠷᠢᠭᠤ ᠠᠪᠬᠤ |
ᠡᠮᠨᠡᠯᢉᠡ ᠶ᠋ᠢᠨ ᠴᠠᠭ ᠴᠤᠴᠠᠯᠠᠬᠤ |
ᠣᠯᠠᠨ ᠤᠯᠤᠰ ᠤ᠋ᠨ ᠠᠶᠠᠯᠠᠯ ᠤ᠋ᠨ ᠡᠷᠡᢉᠦᠯ ᠮᠡᠨᠳᠦ ᠶ᠋ᠢᠨ ᢉᠡᠷᠡᠴᠢᠯᠡᢉᠡ International Travel Health Certificate |
ᠴᠢᠰᠤᠨ ᠤ᠋ ᠪᠦᠯᠦᢉ ᠦ᠋ᠨ ᠮᠡᠳᠡᢉᠡᠯᠡᠯ |
ᠡᠷᠡᢉᠦᠯ ᠮᠡᠨᠳᠦ ᠶ᠋ᠢᠨ ᠴᠢᢉᠯᠡᠯ ᠢ᠋ᠶᠡᠷ ᠮᠡᠷᢉᠡᠵᠢᠯ ᠦ᠋ᠨ ᠦᠶᠢᠯᠡ ᠠᠵᠢᠯᠯᠠᠭᠠ ᠡᠷᢈᠢᠯᠡᢈᠦ ᠲᠤᠰᠬᠠᠢ ᠵᠥᠪᠰᠢᠶᠡᠷᠡᠯ ᠦ᠋ᠨ ᠬᠤᠭᠤᠴᠠᠭᠠ ᠰᠤᠩᠭᠠᠬᠤ |
ᠡᠮᠨᠡᠯᢉᠡ ᠶ᠋ᠢᠨ ᠴᠢᢉᠯᠡᠯ ᠢ᠋ᠶᠡᠷ ᠮᠡᠷᢉᠡᠵᠢᠯ ᠦ᠋ᠨ ᠦᠢᠯᠡ ᠠᠵᠢᠯᠯᠠᠭᠠ ᠡᠷᢈᠢᠯᠡᢈᠦ ᠡᠷᠡᢉᠦᠯ ᠮᠡᠨᠳᠦ ᠶ᠋ᠢᠨ ᠪᠠᠶᠢᠭᠤᠯᠤᠯᠭᠠ ᠨᠤᠭᠤᠳ ᠤ᠋ᠨ ᠲᠤᠰᠬᠠᠢ ᠵᠥᠪᠰᠢᠶᠡᠷᠡᠯ ᠰᠤᠩᠭᠠᠬᠤ ᢈᠦᠰᠡᠯᠲᠡ ᢈᠦᠯᠢᠶᠡᠨ ᠠᠪᠬᠤ |
ᠡᠮᠨᠡᠯᢉᠡ ᠳ᠋ᠦ ᠢᠷᢉᠡᠨ ᠢ᠋ ᠢᠯᠡᢉᠡᢈᠦ ᠴᠠᢈᠢᠮ |
ᠪᠠᠭᠴᠠ ᠰᠢᠨᠵᠢᠯᠡᢉᠡᠨ ᠦ᠋ ᠬᠠᠷᠢᠭᠤ |
ᠳᠦᠷᠰᠦ ᠣᠨᠤᠰᠢᠯᠠᠭᠠᠨ ᠤ᠋ ᠳ᠋ᠦᠩᠨᠡᠯᠲᠡ |
ᠳᠦᠷᠰᠦ ᠣᠨᠤᠰᠢᠯᠠᠭᠠᠨ ᠤ᠋ ᠵᠢᠷᠤᠭ |
ᠡᠮᠴᠢ ᠶ᠋ᠢᠨ ᠦᠵᠡᠯᢉᠡ |
ᠳᠠᠷᠬᠠᠯᠠᠭᠠᠵᠢᠭᠤᠯᠤᠯᠲᠠ ᠶ᠋ᠢᠨ ᠮᠡᠳᠡᢉᠡᠯᠡᠯ |
ᠵᠢᠷᠮᠦᠰᠦᠨ ᠦ᠋ ᢈᠥᠲᠦᠴᠢ |
ᠡᠮ ᠦ᠋ᠨ ᠵᠣᠷ |
ᠡᠮ ᠦ᠋ᠨ ᠵᠣᠷ ᠭᠣᠮᠤᠳᠠᠯ ᠢᠯᠡᢉᠡᢈᠦ |
ᠡᢈᠡ ᢈᠡᠦᢈᠡᠳ ᠦ᠋ᠨ ᠳᠡᠪᠲᠡᠷ |
ᠡᠮᠨᠡᠯᢉᠡ ᠬᠠᠶᠢᠬᠤ |
ᠴᠡᠴᠡᠷᠯᠢᢉ ᠦ᠋ᠨ ᠰᠢᠨᠵᠢᠯᠡᢉᠡ |
ᠳᠠᠷᠬᠠᠯᠠᠭᠠᠵᠢᠭᠤᠯᠤᠯᠲᠠ ᠶ᠋ᠢᠨ ᠮᠡᠳᠡᢉᠡᠯᠡᠯ(ᠠᠩᢉᠯᠢ) |
ᠡᠳᠡᢉᠡᠷ ᠦᠶᠢᠯᠡᠴᠢᠯᠡᢉᠡ ᠨᠦ᠋ᢉᠦᠳ ᠴᠠᢈᠢᠮ ᢈᠡᠯᠪᠡᠷᠢ ᠳ᠋ᠦ ᠪᠦᠷᠢᠨ ᠰᠢᠯᠵᠢᢉᠰᠡᠨ ᠢ᠋ᠶᠡᠷ:
- ᠲᠥᠷᠦ ᠶ᠋ᠢᠨ ᠪᠠᠶᠢᠭᠤᠯᠤᠯᠭᠠ ᠶ᠋ᠢᠨ ᢈᠦᠨᠳᠦ ᠰᠤᠷᠲᠠᠯ ᠪᠠᠭᠤᠷᠠᠵᠤ᠂
- ᠢᠷᢉᠡᠨ ᠲᠥᠷᠦ ᠶ᠋ᠢᠨ ᠬᠠᠷᠢᠯᠴᠠᠭᠠ ᢈᠢᠯᠪᠠᠷ ᠪᠣᠯᠵᠤ᠂
- ᠴᠠᠭᠠᠰᠤᠨ ᢈᠡᠷᠡᢉᠯᠡᢉᠡ ᠪᠠᠭᠠᠰᠴᠤ᠂
- ᠪᠠᠶᠢᠭᠤᠯᠤᠯᠭᠠ ᠬᠣᠭᠤᠷᠤᠨᠳᠤ ᠶ᠋ᠢᠨ ᠮᠡᠳᠡᢉᠡᠯᠡᠯ ᠰᠣᠯᠢᠯᠴᠠᠭᠠ ᠰᠢᠭᠤᠷᠬᠠᠢ ᠪᠣᠯᠬᠤ ᠠᠴᠢ ᠬᠣᠯᠪᠤᠭᠳᠠᠯ ᠲᠠᠢ᠃
ᠴᠠᠭᠠᠰᠢᠳᠠ ᠠᠶᠢᠮᠠᠭ᠂ ᠰᠤᠮᠤ᠂ ᠳᠡᢉᠦᠷᢉᠡ ᠶ᠋ᠢᠨ ᠢᠷᢉᠡᠳ ᠲᠦ ᠵᠣᠷᠢᠭᠤᠯᠤᠭᠰᠠᠨ ᠰᠤᠷᠭᠠᠯᠲᠠ᠂ ᠮᠡᠳᠡᢉᠡᠯᠡᠯ᠂ ᠰᠤᠷᠲᠠᠯᠴᠢᠯᠠᠭᠠ ᠶ᠋ᠢ ᠣᠯᠠᠨ ᠲᠠᠯᠠᠲᠤ ᠰᠤᠪᠠᠭ ᠢ᠋ᠶᠠᠷ ᢈᠦᠷᢈᠡᢈᠦ᠂ ᠡᠷᠡᢉᠦᠯ ᠮᠡᠨᠳᠦ ᠶ᠋ᠢᠨ ᠦᠢᠯᠡᠴᠢᠯᠡᢉᠡ ᠶ᠋ᠢ ᠪᠦᢈᠦ ᢈᠦᠮᠦᠨ ᠳ᠋ᠦ ᠲᠡᢉᠰᠢ ᢈᠦᠷᠲᠡᢉᠡᠮᠵᠢ ᠲᠡᠢ ᠪᠣᠯᠭᠠᠬᠤ ᠳ᠋ᠤ ᠣᠨᠴᠤᠭᠤᠢ ᠠᠩᠬᠠᠷᠬᠤ ᠵᠣᠷᠢᠯᠭᠠ ᠪᠠᠷ ᠥᠨᠦᠳᠦᠷ /᠒᠐᠒᠕᠂᠐᠕᠂᠒᠑/ “ᠢ-ᠮᠣᠩᠭᠤᠯ ᠠᠻᠠᠳ᠋ᠧᠮᠢ” ᠤᠲᠤᠭ᠂ ᠡᠷᠡᢉᠦᠯ ᠮᠡᠨᠳᠦ ᠶ᠋ᠢᠨ ᠶᠠᠮᠤᠨ ᠤ᠋ ᢈᠡᠪᠯᠡᠯ ᠮᠡᠳᠡᢉᠡᠯᠡᠯ ᠦ᠋ᠨ ᠬᠠᠷᠢᠭᠤᠴᠠᠭᠰᠠᠨ ᠤᠳᠤᠷᠢᠳᠤᠯᠭᠠ ᠠᠯᠪᠠ ᠬᠠᠭᠠᠭᠴᠢ ᠳ᠋ᠤ ᠠᠭᠤᠯᠵᠠᠯᠲᠠ ᠵᠣᢈᠢᠶᠠᠨ ᠪᠠᠶᠢᠭᠤᠯᠤᠯᠠ᠃
ᠠᠭᠤᠯᠵᠠᠯᠲᠠ ᠶ᠋ᠢᠨ ᢈᠦᠷᠢᠶ ᠡᠨ ᠳ᠋ᠦ:
- ᠡᠷᠢᠯᠲᠡ ᠲᠡᠢ ᠡᠷᠡᢉᠦᠯ ᠮᠡᠨᠳᠦ ᠶ᠋ᠢᠨ ᠦᠶᠢᠯᠡᠴᠢᠯᠡᢉᠡ ᠶ᠋ᠢ ᠰᠤᠷᠲᠠᠯᠴᠢᠯᠠᠬᠤ
- ᠴᠠᢈᠢᠮᠵᠢᠭᠰᠠᠨ ᠦᠢᠯᠡᠴᠢᠯᠡᢉᠡ ᠨᠦ᠋ᢉᠦᠳ ᠭᠠᠷᠳᠠᠭ ᠠᠰᠠᠭᠤᠳᠠᠯ ᠢ᠋ ᠰᠢᠶᠢᠳᠪᠦᠷᠢᠯᠡᢈᠦ
- ᠑᠓/ᠠ ᠮᠠᠶᠢᠭᠲᠤ ᠶ᠋ᠢ ᠴᠠᢈᠢᠮ ᠳ᠋ᠤ ᠰᠢᠯᠵᠢᢉᠦᠯᢈᠦ ᠠᠵᠢᠯ ᠢ᠋ ᠡᠷᠴᠢᠮᠵᠢᢉᠦᠯᢈᠦ
- ᠮᠡᠳᠡᢉᠡ᠂ ᠮᠡᠳᠡᢉᠡᠯᠡᠯ ᠢ᠋ ᠢᠷᢉᠡᠳ ᠲᠦ ᢈᠦᠷᠲᠡᢉᠡᠮᠵᠢ ᠲᠡᠢ ᢈᠦᠷᢈᠡᢈᠦ ᠲᠠᠯᠠᠭᠠᠷ ᠠᠵᠢᠯ ᠤ᠋ᠳ ᠢ᠋ ᢈᠢᢈᠦ ᠪᠡᠷ ᠬᠠᠷᠢᠯᠴᠠᠨ ᠰᠠᠨᠠᠯ ᠰᠣᠯᠢᠯᠴᠠᠭᠰᠠᠨ ᠶᠤᠮ᠃