“ᠦᠨᠳᠦᠰᠦᠨ ᠦ᠋ ᠪᠠᠶᠠᠯᠢᠭ ᠤ᠋ᠨ ᠰᠠᠩ”-ᢉᠡᠢ ᠶ᠋ᠢᠨ ᠰᠠᠨᠠᠯ ᠠᠰᠠᠭᠤᠯᠭ᠎ᠠ ᠳᠠᠭᠤᠰᠬᠤ ᠳ᠋ᠤ ᠑ ᠬᠣᠨᠤᠭ ᠦᠯᠡᠳᠡᠯ᠎ᠡ᠃


ᠮᠣᠩᠭᠣᠯ ᠤᠯᠤᠰ ᠤ᠋ᠨ ᠢᠷᢉᠡᠨ ᠥᠪᠡᠷ ᠦ᠋ᠨ ᠨᠡᠷ᠎ᠡ ᠶ᠋ᠢᠨ ᠳᠠᠩᠰᠠ ᠳ᠋ᠤ ᠪᠠᠨ ᠨᠡᠮᠡᠯᠲᠡ ᠣᠷᠤᠯᠭ᠎ᠠ ᠬᠤᠷᠠᠮᠲᠤᠯᠠᠭᠤᠯᠬᠤ ᢈᠦᠰᠡᠯᠲᠡᠢ ᠡᠰᠡᢈᠦ ᠰᠠᠨᠠᠯ ᠠᠰᠠᠭᠤᠯᠭ᠎ᠠ ᠐᠕ ᠳ᠋ᠤᠭᠠᠷ ᠰᠠᠷ᠎ᠠ ᠶ᠋ᠢᠨ ᠑᠒-ᠨᠣᠣᠰᠤ ᠡᢈᠢᠯᠡᢉᠰᠡᠨ ᠪᠥᢉᠡᠳ ᠬᠠᠭᠠᠭᠳᠠᠬᠤ ᠳ᠋ᠤ ᠶᠡᠷᠦᠳᠡᢉᠡᠨ ᠑ ᠬᠣᠨᠤᠭ ᠦᠯᠡᠳᠡᢉᠰᠡᠨ ᠪᠠᠶᠢᠨ᠎ᠠ᠃  ᠢᠷᢉᠡᠳ E-Mongolia ᠰᠢᠰᠲ᠋ᠧᠮ ᠦ᠋ᠨ ᠫᠣᠷᠲ᠋ᠠᠯ ᠪᠣᠯᠤᠨ ᠮᠣᠪᠠᠶᠢᠯ ᠰᠤᠪᠠᠭ ᠤ᠋ᠳ ᠢ᠋ᠶᠠᠷ ᠳᠠᠮᠵᠢᠭᠤᠯᠤᠨ ᠰᠠᠨᠠᠯ ᠢ᠋ᠶᠠᠨ ᠥᢉᢈᠦ ᠪᠣᠯᠤᠮᠵᠢ ᠲᠠᠢ᠃

ᠲᠠ ᠳᠠᠷᠠᠭᠠᢈᠢ ᠳᠥᠷᠪᠡᠨ ᠲᠥᠷᠦᠯ ᠦ᠋ᠨ ᠣᠷᠤᠯᠭ᠎ᠠ ᠶ᠋ᠢ ᠨᠡᠷ᠎ᠡ ᠶ᠋ᠢᠨ ᠳᠠᠩᠰᠠ ᠳ᠋ᠤ ᠪᠠᠨ ᠬᠤᠷᠠᠮᠲᠤᠯᠠᠭᠤᠯᠬᠤ ᠶ᠋ᠢ ᠳᠡᠮᠵᠢᠵᠦ ᠪᠤᠢ ᠡᠰᠡᢈᠦ ᠪᠡᠨ “ᠲᠡᠶᠢᠮᠦ” ᠡᠰᠡᠪᠡᠯ “ᠦᢉᠡᠢ” ᢉᠡᠵᠦ ᠬᠠᠷᠢᠭᠤᠯᠠᠨ ᠢᠯᠡᠷᢈᠡᠶᠢᠯᠡᠨ᠎ᠡ᠃  ᠮᠥᠨ ᠨᠡᠮᠡᠯᠲᠡ ᠰᠠᠨᠠᠯ᠂ ᠰᠠᠨᠠᠯ ᠪᠣᠳᠤᠯ ᠢ᠋ᠶᠠᠨ ᠪᠢᠴᠢᢈᠦ ᠲᠠᠯᠠᠪᠤᠷ ᠲᠠᠢ ᠪᠠᠶᠢᠨ᠎ᠠ

  1. ᢈᠡᠦᢈᠡᠳ ᠦ᠋ᠨ ᠮᠥᠩᢉᠦᠨ ᠲᠡᠳᢈᠦᠮᠵᠢ ᠶ᠋ᠢ ᠬᠤᠷᠠᠮᠲᠤᠯᠠᠯ ᠤ᠋ᠨ ᠨᠡᠷ᠎ᠡ ᠶ᠋ᠢᠨ ᠳᠠᠩᠰᠠ ᠳ᠋ᠤ ᠪᠠᠨ ᠬᠤᠷᠠᠮᠲᠤᠯᠠᠭᠤᠯᠬᠤ ᠶ᠋ᠢ ᠳᠡᠮᠵᠢᢈᠦ ᠡᠰᠡᢈᠦ;
  2. ᠨᠡᠮᠡᢉᠳᠡᢉᠰᠡᠨ ᠥᠷᠲᠡᢉ ᠦ᠋ᠨ ᠠᠯᠪᠠᠨ ᠲᠠᠲᠠᠪᠤᠷᠢ (ᠨᠡᢉᠡᢉᠡᠲᠦ)- ᠤ᠋ᠨ ᠪᠤᠴᠠᠭᠠᠨ ᠣᠯᠭᠤᠯᠲᠠ ᠶ᠋ᠢ ᠬᠤᠷᠠᠮᠲᠤᠯᠠᠯ ᠤ᠋ᠨ ᠨᠡᠷ᠎ᠡ ᠶ᠋ᠢᠨ ᠳᠠᠩᠰᠠᠨ ᠳ᠋ᠤ ᠪᠠᠨ ᠬᠤᠷᠠᠮᠲᠤᠯᠠᠭᠤᠯᠬᠤ ᠶ᠋ᠢ ᠳᠡᠮᠵᠢᢈᠦ ᠡᠰᠡᢈᠦ;
  3. ᠬᠤᠪᠢ ᢈᠦᠮᠦᠨ ᠦ᠋ ᠣᠷᠤᠯᠭ᠎ᠠ ᠶ᠋ᠢᠨ ᠠᠯᠪᠠᠨ ᠲᠠᠲᠠᠪᠤᠷᠢ (ᠬᠬᠤᠭᠠᠲᠤ)- ᠤ᠋ᠨ ᠪᠤᠴᠠᠭᠠᠨ ᠣᠯᠭᠤᠯᠲᠠ ᠶ᠋ᠢ ᠬᠤᠷᠠᠮᠲᠤᠯᠠᠯ ᠤ᠋ᠨ ᠨᠡᠷ᠎ᠡ ᠶ᠋ᠢᠨ ᠳᠠᠩᠰᠠᠨ ᠳ᠋ᠤ ᠪᠠᠨ ᠬᠤᠷᠠᠮᠲᠤᠯᠠᠭᠤᠯᠬᠤ ᠶ᠋ᠢ ᠳᠡᠮᠵᠢᢈᠦ ᠡᠰᠡᢈᠦ;
  4. “ᠡᠷᠳᠡᠨᠢᠰ ᠲᠠᠪᠤᠨᠲᠤᠯᠤᠭᠠᠢ” ᠬᠻ-ᠡᠶᠢᠨ ᠡᠩ ᠦ᠋ᠨ ᠨᠣᠭᠳᠠᠯ ᠠᠰᠢᠭ ᠢ᠋ ᠬᠤᠷᠠᠮᠲᠤᠯᠠᠯ ᠤ᠋ᠨ ᠨᠡᠷ᠎ᠡ ᠶ᠋ᠢᠨ ᠳᠠᠩᠰᠠᠨ ᠳ᠋ᠤ ᠪᠠᠨ ᠬᠤᠷᠠᠮᠲᠤᠯᠠᠭᠤᠯᠬᠤ ᠶ᠋ᠢ ᠳᠡᠮᠵᠢᢈᠦ ᠡᠰᠡᢈᠦ;

            ᢈᠡᠷᢈᠢᠨ ᠰᠠᠨᠠᠯ ᠠᠰᠠᠭᠤᠯᠭ᠎ᠠ ᠥᢉᢈᠦ ᠪᠤᠢ?

  • E-Mongolia ᠰᠢᠰᠲ᠋ᠧᠮ ᠤᠷᠤᠭᠤ ᠪᠦᠷᠢᠳᢈᠡᠯ ᠲᠡᠢ ᠬᠠᠶᠢᠭ ᠢ᠋ᠶᠠᠷ ᠢ᠋ᠶᠠᠨ ᠨᠡᠪᠲᠡᠷᠡᢈᠦ
  • ᠫᠷᠤᠹᠠᠶᠢᠯ ᢈᠡᠰᠡᢉ ᠤᠷᠤᠭᠤ ᠬᠠᠨᠳᠤᠨ “ᠲᠥᠷᠦ ᠳ᠋ᠦ ᠪᠠᠶᠢᠭ᠎ᠠ ᠮᠢᠨᠤ ᠮᠡᠳᠡᢉᠡᠯᠡᠯ” ᠼᠧᠰᠧᠰ ᠰᠠᠨᠠᠯ ᠠᠰᠠᠭᠤᠯᠭ᠎ᠠ ᢈᠡᠰᠡᢉ ᠦ᠋ᠨ ᠰᠣᠩᠭᠤᠨ ᠰᠠᠨᠠᠯ ᠢ᠋ᠶᠠᠨ ᠥᢉᢈᠦ ᠪᠣᠯᠤᠮᠵᠢ ᠲᠠᠢ᠃

ᠢᠷᢉᠡᠨ ᠲᠠ ᠦᠨᠳᠦᠰᠦᠨ ᠦ᠋ ᠪᠠᠶᠠᠯᠢᠭ ᠤ᠋ᠨ ᠰᠠᠩ ᠤ᠋ᠨ ᠵᠣᢈᠢᠰᠲᠠᠢ ᠪᠦᠷᠢᠳᠦᢉᠦᠯᠤᠯᠲᠡ᠂ ᠦᠷ᠎ᠡ ᠥᢉᢉᠦᢉᠡᠵᠢ ᠲᠡᠢ ᠵᠠᠷᠤᠴᠠᠭᠤᠯᠤᠯᠲᠠ ᠳ᠋ᠤ ᠥᠪᠡᠷ ᠦ᠋ᠨ ᠰᠠᠨᠠᠯ ᠪᠣᠳᠤᠯ ᠢ᠋ᠶᠠᠨ ᠲᠤᠰᠬᠠᠬᠤ ᠡᠨᠡ ᢈᠦ ᠴᠢᠬᠤᠯᠠ ᠰᠠᠨᠠᠯ ᠠᠰᠠᠭᠤᠯᠭ᠎ᠠ ᠳ᠋ᠤ ᠢᠳᠡᠪᢈᠢᠲᠡᠢ ᠣᠷᠤᠯᠴᠠᠭᠠᠷᠠᠢ᠃  ᠲᠠᠨ ᠤ᠋ ᠣᠷᠤᠯᠴᠠᠭ᠎ᠠ ᠮᠣᠩᠭᠣᠯ ᠤᠯᠤᠰ ᠤ᠋ᠨ ᠢᠷᠡᢉᠡᠳᠦᠢ ᠶ᠋ᠢᠨ ᠪᠠᠶᠠᠯᠢᠭ ᠤ᠋ᠨ ᠬᠤᠪᠢᠶᠠᠷᠢᠯᠠᠯᠲᠠ ᠳ᠋ᠤ ᠦᠨ᠎ᠡ ᠲᠡᠢ ᠬᠤᠪᠢ ᠨᠡᠮᠡᠷᠢ ᠣᠷᠤᠭᠤᠯᠬᠤ ᠪᠣᠯᠤᠨ᠎ᠠ᠃

ᠨᠡᠶᠢᠲᠡᠯᠡᠭᠰᠡᠨ᠄