E-Mongolia –ᠢ᠋ᠶᠠᠷ ᠳᠠᠮᠵᠢᠭᠤᠯᠤᠨ ᠪᠣᠤ ᠠᠶ᠎ᠠ-ᠨᠢ ᠙᠙ ᠦᠢᠯᠡᠴᠢᠯᠡᢉᠡ ᠶ᠋ᠢ ᠴᠠᢈᠢᠮ ᠢ᠋ᠶᠠᠷ ᠠᠪᠬᠤ ᠪᠣᠯᠤᠮᠵᠢ ᠲᠠᠢ


“ᠢ-ᠮᠣᠩᠭᠤᠯ ᠠᠻᠠᠳ᠋ᠧᠮᠢ” ᠤᠲᠤᠭ ᠨᠢ ᠪᠠᠶᠢᠭᠤᠯᠤᠭᠳᠠᠭᠰᠠᠨ ᠴᠠᠭ ᠠ᠋ᠴᠠ ᠪᠠᠨ ᠪᠤᠶᠤ ᠒᠐᠒᠐ ᠣᠨ ᠠ᠋ᠴᠠ ᠡᢈᠢᠯᠡᠨ ᠪᠠᠶᠢᠭᠠᠯᠢ ᠣᠷᠴᠢᠨ᠂ ᠠᠭᠤᠷ ᠠᠮᠢᠰᠬᠤᠯ ᠤ᠋ᠨ ᠥᢉᠡᠷᠡᠴᠢᠯᠡᠯᠲᠡ ᠶ᠋ᠢᠨ ᠶᠠᠮᠤᠨ ᠤ᠋ ᠡᠷᠢᠯᠲᠡ ᠲᠡᠢ ᠦᠢᠯᠡᠴᠢᠯᠡᢉᠡ ᠨᠦ᠋ᢉᠦᠳ ᠢ᠋ ᠴᠠᢈᠢᠮᠵᠢᠭᠤᠯᠵᠤ ᠢᠷᢉᠡᠳ ᠲᠦ ᠢᠯᠡᢉᠦᠦ ᠣᠶᠢᠷ᠎ᠠ᠂ ᠰᠢᠭᠤᠷᠬᠠᠢ᠂ ᢈᠦᠷᠲᠡᢉᠡᠮᠵᠢ ᠲᠡᠢ ᠪᠠᠶᠢᠬᠤ ᠲᠠᠯ᠎ᠠ ᠳᠡᢉᠡᠷ᠎ᠡ ᠠᠩᠬᠠᠷᠴᠤ ᠢᠷᠡᢉᠰᠡᠨ᠃

ᠢᠷᢉᠡᠳ ᠡᠮᠦᠨ᠎ᠡ ᠨᠢ ᠲᠥᠷᠦ ᠶ᠋ᠢᠨ ᠦᠢᠯᠡᠴᠢᠯᠡᢉᠡ ᠶ᠋ᠢ ᠠᠪᠬᠤ ᠳ᠋ᠤ ᠪᠠᠨ ᠵᠠᠪᠠᠯ ᠪᠡᠶᠡᠴᠢᠯᠡᠨ ᠣᠴᠢᠵᠤ᠂ ᠣᠯᠠᠨ ᠲᠥᠷᠦᠯ ᠦ᠋ᠨ ᠪᠢᠴᠢᢉ ᠪᠠᠷᠢᠮᠲᠠ ᠪᠦᠷᠢᠳᠦᢉᠦᠯᠦᠨ ᠴᠠᠭ ᠵᠠᠪ᠂ ᠵᠠᠷᠤᠳᠠᠯ ᠭᠠᠷᠭᠠᠨ ᠳᠠᠷᠠᠭᠠᠯᠠᠨ ᢈᠦᠯᠢᠶᠡᠳᠡᢉ ᠪᠠᠶᠢᠭᠰᠠᠨ ᠪᠣᠯ ᠲᠥᠷᠦ ᠶ᠋ᠢᠨ ᠦᠢᠯᠡᠴᠢᠯᠡᢉᠡ ᠨᠦ᠋ᢉᠦᠳ ᠴᠠᢈᠢᠮᠵᠢᠭᠰᠠᠨ ᠢ᠋ᠶᠠᠷ ᠢᠷᢉᠡᠳ ᠵᠠᠪᠠᠯ ᠪᠡᠶᠡᠴᠢᠯᠡᠨ ᠣᠴᠢᠬᠤ ᠱᠠᠭᠠᠷᠳᠠᠯᠭ᠎ᠠ ᠦᢉᠡᠢ᠂ ᠳᠠᠷᠠᠭᠠᠯᠠᠨ ᢈᠦᠯᠢᠶᠡᢈᠦ ᠦᢉᠡᠢ ᠬᠠᠮᠢᠭ᠎ᠠ ᠠ᠋ᠴᠠ ᠴᠤ ᢈᠡᠵᠢᠶᠡᠳᠡ ᠒᠔/᠗ ᠴᠠᢈᠢᠮ ᠢ᠋ᠶᠠᠷ ᠥᠪᠡᠷ ᠲᠦ ᢈᠡᠷᠡᢉᠲᠡᠢ ᠦᠢᠯᠡᠴᠢᠯᠡᢉᠡ ᠪᠡᠨ ᢈᠡᠳᠦᢈᠡᠨ ᠰᠧᠻᠦ᠋ᠨ᠋ᠳ᠋ ᠤ᠋ᠨ ᠳᠣᠲᠤᠷ᠎ᠠ ᠠᠪᠳᠠᠭ ᠪᠣᠯᠤᠭᠰᠠᠨ ᠨᠢ ᠲᠥᠷᠦ ᠶ᠋ᠢᠨ ᠦᠢᠯᠡᠴᠢᠯᠡᢉᠡ ᠶ᠋ᠢ ᠢᠷᢉᠡᠳ ᠲᠦ ᢈᠢᠯᠪᠠᠷ᠂ ᢈᠦᠷᠲᠡᢉᠡᠮᠵᠢ ᠲᠡᠢ ᢈᠦᠷᢈᠡᢈᠦ ᠲᠣᠮᠤ ᠠᠯᠬᠤᠮ ᠪᠣᠯᠤᠭᠰᠠᠨ ᠪᠢᠯᠡ᠃

E-Mongolia ᠰᠢᠰᠲ᠋ᠧᠮ ᠳ᠋ᠦ ᠣᠳᠤ ᠪᠠᠷ ᠘᠘ ᠪᠠᠶᠢᠭᠤᠯᠤᠯᠭ᠎ᠠ ᠶ᠋ᠢᠨ ᠑᠒᠖᠔ ᠦᠢᠯᠡᠴᠢᠯᠡᢉᠡ ᠪᠠᠶᠢᠷᠢᠰᠢᠭᠰᠠᠨ ᢈᠡᠳᠦᠢ ᠴᠤ ᠢᠷᢉᠡᠳ ᠦ᠋ᠨ ᠮᠡᠳᠡᢉᠡᠯᠡᠯ ᠦ᠋ᠨ ᢈᠦᠷᠲᠡᢉᠡᠮᠵᠢᠲᠦ ᠪᠠᠶᠢᠳᠠᠯ᠂ ᠲᠠᠨᠢᠨ ᠮᠡᠳᠡᢈᠦᠢ ᠶ᠋ᠢᠨ ᠪᠠᠶᠢᠳᠠᠯ ᠵᠡᠷᢉᠡ ᠡᠴᠡ ᠰᠢᠯᠲᠠᠭᠠᠯᠠᠨ ᠪᠡᠶᠡᠴᠢᠯᠡᠨ ᠣᠴᠢᠵᠤ ᠲᠥᠷᠦ ᠶ᠋ᠢᠨ ᠦᠢᠯᠡᠴᠢᠯᠡᢉᠡ ᠶ᠋ᠢ ᠠᠪᠬᠤ ᠬᠠᠨᠳᠤᠯᠭ᠎ᠠ ᠪᠠᠶᠢᠭᠰᠠᠭᠠᠷ ᠪᠠᠶᠢᠭᠰᠠᠭᠠᠷ ᠪᠠᠶᠢᠨ᠎ᠠ᠃  ᠤᠴᠢᠷ ᠡᠶᠢᠮᠦ ᠳ᠋ᠦ ᠲᠥᠷᠦ ᠶ᠋ᠢᠨ ᠴᠠᢈᠢᠮ ᠦᠶᠢᠯᠡᠴᠢᠯᠡᢉᠡᠨ ᠦ᠋ ᠨᠢᢉᠡᠳᠦᢉᠰᠡᠨ ᠰᠢᠰᠲ᠋ᠧᠮ᠂ ᠲᠡᢉᠦᠨ ᠦ᠋ ᠦᠢᠯᠡᠴᠢᠯᠡᢉᠡ ᠶ᠋ᠢ ᠢᠷᢉᠡᠳ ᠲᠦ ᠰᠤᠷᠲᠠᠯᠴᠢᠯᠠᠨ ᠲᠠᠨᠢᠭᠤᠯᠬᠤ᠂ ᠮᠡᠳᠡᢉᠡ ᠮᠡᠳᠡᢉᠡᠯᠡᠯ ᠢ᠋ ᠣᠯᠠᠨ ᠲᠠᠯᠠᠲᠤ ᠰᠤᠪᠠᠭ ᠢ᠋ᠶᠠᠷ ᠲᠦᢉᠡᢉᠡᢈᠦ᠂ ᢈᠦᠷᠲᠡᢉᠡᠮᠵᠢ ᠶ᠋ᠢ ᠨᠡᠮᠡᢉᠳᠡᢉᠦᠯᢈᠦ᠂ ᠤᠶᠠᠯᠳᠤᠭ᠎ᠠ ᠶ᠋ᠢ ᠬᠠᠩᠭᠠᠬᠤ ᠲᠠᠯ᠎ᠠ ᠳᠡᢉᠡᠷ᠎ᠡ ᠠᠩᠬᠠᠷᠴᠤ ᠲᠥᠷᠦ ᠶ᠋ᠢᠨ ᠪᠠᠶᠢᠭᠤᠯᠤᠯᠭ᠎ᠠ ᠨᠤᠭᠤᠳ ᠤ᠋ᠨ ᢈᠡᠪᠯᠡᠯ ᠮᠡᠳᠡᢉᠡᠯᠡᠯ ᠢ᠋ ᠬᠠᠷᠢᠭᠤᠴᠠᠭᠰᠠᠨ ᠤᠳᠤᠷᠢᠳᠤᠯᠭ᠎ᠠ᠂ ᠠᠯᠪᠠ ᠬᠠᠭᠠᠭᠴᠢᠳ ᠲᠠᠢ ᠬᠠᠮᠲᠤᠷᠠᠭᠰᠠᠨ ᠠᠭᠤᠯᠵᠠᠯᠲᠠ ᠶ᠋ᠢ ᠱᠠᠲᠤ ᠳᠠᠷᠠᠭ᠎ᠠ ᠲᠠᠢ ᠵᠣᢈᠢᠶᠠᠨ ᠪᠠᠶᠢᠭᠤᠯᠵᠤ ᠪᠠᠶᠢᠭ᠎ᠠ ᠪᠢᠯᠡ᠃

ᠲᠤᠰ ᠠᠵᠢᠯ ᠤ᠋ᠨ ᢈᠦᠷᠢᠶ ᠡᠨ ᠳ᠋ᠦ ᠥᠨᠦᠳᠦᠷ “ᠢ-ᠮᠣᠩᠭᠤᠯ ᠠᠻᠠᠳ᠋ᠧᠮᠢ” ᠤᠲᠤᠭ- ᠤ᠋ᠨ ᠰᠣᠩᠬᠤᠭ- ᠤ᠋ᠨ ᠳᠠᠷᠤᠭ᠎ᠠ ᠨᠠ‍᠂ᠲᠥᠷᠦᠪᠠᠲᠤ᠂ ᠪᠠᠶᠢᠭᠠᠯᠢ ᠣᠷᠴᠢᠨ᠂ ᠠᠭᠤᠷ ᠠᠮᠢᠰᠬᠤᠯ ᠤ᠋ᠨ ᠥᢉᠡᠷᠡᠴᠢᠯᠡᠯᠲᠡ ᠶ᠋ᠢᠨ ᠶᠠᠮᠤᠨ ᠤ᠋ ᢈᠡᠪᠯᠡᠯ ᠮᠡᠳᠡᢉᠡᠯᠡᠯ᠂ ᠣᠯᠠᠨ ᠨᠡᠶᠢᠲᠡ ᠲᠡᠢ ᠬᠠᠷᠢᠯᠴᠠᠬᠤ ᢈᠡᠯᠲᠡᠰ ᠦ᠋ᠨ ᠠᠬᠠᠯᠠᠬᠤ ᠮᠡᠷᢉᠡᠵᠢᠯᠲᠡᠨ ᠠ‍᠂ ᠤᠨᠳᠤᠷᠬᠤᠪᠠᠶᠠᠷ ᠪᠣᠯᠤᠨ ᠬᠣᠯᠪᠤᠭᠳᠠᠬᠤ ᠮᠡᠷᢉᠡᠵᠢᠯᠲᠡᠨ ᠠᠯᠪᠠ ᠬᠠᠭᠠᠭᠴᠢ ᠳ᠋ᠤ ᠠᠭᠤᠯᠵᠠᠵᠤ ᠬᠠᠷᠢᠯᠴᠠᠨ ᠰᠠᠨᠠᠯ ᠰᠣᠯᠢᠯᠴᠠᠪᠠ᠃

ᠡᠨᠡ ᢈᠦ ᠬᠠᠮᠲᠤ ᠶ᠋ᠢᠨ ᠠᠵᠢᠯᠯᠠᠭ᠎ᠠ ᠨᠢ ᠵᠥᠪᢈᠡᠨ ᠮᠡᠳᠡᢉᠡᠯᠡᠯ ᠲᠦᢉᠡᢉᠡᢈᠦ ᠲᠡᠳᠦᠢ ᠦᢉᠡᠢ᠂ ᠢᠷᢉᠡᠳ ᠦ᠋ᠨ ᠴᠠᢈᠢᠮ ᠦᠢᠯᠡᠴᠢᠯᠡᢉᠡᠨ ᠦ᠋ ᠲᠠᠯᠠᠭᠠᠷᢈᠢ ᠮᠡᠳᠡᠯᢉᠡ ᠶ᠋ᠢ ᠨᠡᠮᠡᢉᠳᠡᢉᠦᠯᢈᠦ᠂ ᠲᠥᠷᠦ ᠶ᠋ᠢᠨ ᠮᠡᠳᠡᢉᠡᠯᠡᠯ ᠢ᠋ ᠰᠢᠭᠤᠷᠬᠠᠢ᠂ ᠪᠣᠳᠠᠲᠠᠢ ᢈᠦᠷᢈᠡᢈᠦ ᠰᠠᠭᠤᠷᠢ ᠨᠦᢈᠦᠴᠡᠯ ᠢ᠋ ᠪᠦᠷᠢᠳᠦᢉᠦᠯᢈᠦ ᠴᠢᠬᠤᠯᠠ ᠠᠯᠬᠤᠮ ᠪᠣᠯᠵᠤ ᠪᠠᠶᠢᠭ᠎ᠠ ᠪᠠᠷ ᠢ᠋ᠶᠠᠨ ᠣᠨᠴᠠᠯᠢᠭ ᠪᠠᠶᠢᠨ᠎ᠠ᠃

ᠨᠡᠶᠢᠲᠡᠯᠡᠭᠰᠡᠨ᠄