ᠡᠮ ᠡᠮᠨᠡᠯᢉᠡ ᠶ᠋ᠢᠨ ᢈᠡᠷᠡᢉᠰᠡᠯ ᠦ᠋ᠨ ᢈᠢᠨᠠᠯᠲᠠ ᠵᠣᢈᠢᠴᠠᠭᠤᠯᠤᠯᠲᠠ ᠶ᠋ᠢᠨ ᠭᠠᠵᠠᠷ ᠤ᠋ᠨ ᠒᠕ ᠦᠶᠢᠯᠡᠴᠢᠯᠡᢉᠡ ᠶ᠋ᠢ ᠴᠠᢈᠢᠮ ᠢ᠋ᠶᠠᠷ ᠠᠪᠤᠭᠠᠷᠠᠢ


“ᠢ-ᠮᠣᠩᠭᠤᠯ ᠠᠻᠠᠳ᠋ᠧᠮᠢ” ᠤᠲᠤᠭ ᠤ᠋ᠨ ᠡᠮ ᠡᠮᠨᠡᠯᢉᠡ ᠶ᠋ᠢᠨ ᢈᠡᠷᠡᢉᠰᠡᠯ ᠦ᠋ᠨ ᢈᠢᠨᠠᠯᠲᠠ ᠵᠣᢈᠢᠴᠠᠭᠤᠯᠤᠯᠲᠠ ᠶ᠋ᠢᠨ ᠭᠠᠵᠠᠷ ᠲᠠᠢ ᠬᠠᠮᠲᠤᠷᠠᠨ ᠨᠡᠶᠢᠲᠡ ᠒᠕ ᠦᠢᠯᠡᠴᠢᠯᠡᢉᠡ ᠶ᠋ᠢ ᠴᠠᢈᠢᠮᠵᠢᠭᠤᠯᠵᠤ ᠢᠷᢉᠡᠳ ᠲᠦ ᠢᠯᠡᢉᠦᠦ ᠣᠶᠢᠷ᠎ᠠ᠂ ᠰᠢᠭᠤᠷᠬᠠᠢ᠂ ᢈᠦᠷᠲᠡᢉᠡᠮᠵᠢᠲᠡᠢ ᠪᠠᠶᠢᠬᠤ ᠲᠠᠯ᠎ᠠ ᠳᠡᢉᠡᠷ᠎ᠡ ᠠᠩᠬᠠᠷᠴᠤ ᠢᠷᠡᢉᠰᠡᠨ ᠪᠢᠯᠡ᠃

ᠢᠷᢉᠡᠳ ᠦ᠋ᠨ ᠬᠤᠪᠢ ᠳ᠋ᠤ ᢈᠡᠳᠦᢈᠡᠨ ᠵᠢᠯ ᠦ᠋ᠨ ᠡᠮᠦᠨ᠎ᠡ ᠲᠥᠷᠦ ᠶ᠋ᠢᠨ ᠪᠦᢈᠦᠢ ᠯᠠ ᠦᠢᠯᠡᠴᠢᠯᠡᢉᠡ ᠶ᠋ᠢ ᠠᠪᠬᠤ ᠳ᠋ᠤ ᠪᠠᠨ ᠪᠡᠶᠡᠴᠢᠯᠡᠨ ᠣᠴᠢᠬᠤ᠂ ᠣᠯᠠᠨ ᠲᠥᠷᠦᠯ ᠦ᠋ᠨ ᠪᠢᠴᠢᢉ ᠪᠠᠷᠢᠮᠲᠠ ᠪᠦᠷᠢᠳᠦᢉᠦᠯᠦᠨ ᠴᠠᠭ ᠬᠤᠭᠤᠴᠠᠭ᠎ᠠ᠂ ᠵᠠᠷᠤᠳᠠᠯ ᠭᠠᠷᠭᠠᠨ ᠳᠠᠷᠠᠭᠠᠯᠠᠨ ᢈᠦᠯᠢᠶᠡᠳᠡᢉ ᠪᠠᠶᠢᠭᠰᠠᠨ ᠪᠣᠯ ᠒᠐᠒᠐ ᠣᠨ ᠠ᠋ᠴᠠ ᠡᢈᠢᠯᠡᠨ ᠲᠥᠷᠦ ᠶ᠋ᠢᠨ ᠦᠢᠯᠡᠴᠢᠯᠡᢉᠡ ᠨᠦ᠋ᢉᠦᠳ ᠴᠠᢈᠢᠮ ᠳ᠋ᠤ ᠰᠢᠯᠵᠢᢉᠰᠡᠨ ᠢ᠋ᠶᠡᠷ ᠢᠷᢉᠡᠳ ᠪᠡᠶᠡᠴᠢᠯᠡᠨ ᠣᠴᠢᠬᠤ ᠱᠠᠭᠠᠷᠳᠠᠯᠭ᠎ᠠ ᠦᢉᠡᠢ᠂ᢈᠦᠯᠢᠶᠡᠵᠦ ᠴᠠᠭ ᠬᠤᠭᠤᠴᠠᠭ᠎ᠠ ᠪᠠᠨ ᠠᠯᠳᠠᠬᠤ ᠦᢉᠡᠢ ᠬᠠᠮᠢᠭ᠎ᠠ ᠠ᠋ᠴᠠ ᠴᠤ ᢈᠡᠵᠢᠶᠡᠳᠡ ᠒᠔/᠗ ᠴᠠᢈᠢᠮ ᠢ᠋ᠶᠠᠷ ᠥᠪᠡᠷ ᠲᠦ ᢈᠡᠷᠡᢉᠲᠡᠢ ᠦᠢᠯᠡᠴᠢᠯᠡᢉᠡ ᠪᠡᠨ ᢈᠡᠳᠦᢈᠡᠨ ᠰᠧᠻᠦ᠋ᠨ᠋ᠳ᠋ ᠤ᠋ᠨ ᠳᠣᠲᠤᠷ᠎ᠠ ᠠᠪᠳᠠᠭ ᠪᠣᠯᠤᠭᠰᠠᠨ ᠨᠢ ᠲᠥᠷᠦ ᠶ᠋ᠢᠨ ᠦᠢᠯᠡᠴᠢᠯᠡᢉᠡ ᠶ᠋ᠢ ᠢᠷᢉᠡᠳ ᠲᠦ ᢈᠢᠯᠪᠠᠷ᠂ ᢈᠦᠷᠲᠡᢉᠡᠮᠵᠢ ᠲᠡᠢ ᢈᠦᠷᢈᠦ ᠲᠣᠮᠤ ᠠᠯᠬᠤᠮ ᠪᠣᠯᠤᠭᠰᠠᠨ᠃

E-Mongolia ᠰᠢᠰᠲ᠋ᠧᠮ ᠳ᠋ᠦ ᠥᠨᠦᠳᠦᠷ ᠦ᠋ᠨ ᠪᠠᠶᠢᠳᠠᠯ ᠢ᠋ᠶᠠᠷ ᠘᠘ ᠪᠠᠶᠢᠭᠤᠯᠤᠯᠭ᠎ᠠ ᠶ᠋ᠢᠨ ᠑᠒᠖᠔ ᠦᠢᠯᠡᠴᠢᠯᠡᢉᠡ ᠪᠦᠷᠢᠨ ᠴᠠᢈᠢᠮᠵᠢᠭᠰᠠᠨ ᠪᠠᠶᠢᠭ᠎ᠠ ᢈᠡᠳᠦᠢ ᠴᠤ ᠢᠷᢉᠡᠳ ᠦ᠋ᠨ ᠮᠡᠳᠡᢉᠡᠯᠡᠯ ᠦ᠋ᠨ ᢈᠦᠷᠲᠡᢉᠡᠮᠵᠢ ᠲᠡᠢ ᠪᠠᠶᠢᠳᠠᠯ᠂ ᠲᠠᠨᠢᠨ ᠮᠡᠳᠡᢈᠦᠢ ᠶ᠋ᠢᠨ ᠮᠡᠳᠡᠯᢉᠡ ᠵᠡᠷᢉᠡ ᠡᠴᠡ ᠰᠢᠯᠲᠠᠭᠠᠯᠠᠨ ᠣᠳᠤ ᠶ᠋ᠢ ᢈᠦᠷᠲᠡᠯ᠎ᠡ ᠲᠥᠷᠦ ᠶ᠋ᠢᠨ ᠦᠢᠯᠡᠴᠢᠯᠡᢉᠡ ᠶ᠋ᠢ ᠪᠡᠶᠡᠴᠢᠯᠡᠨ ᠣᠴᠢᠵᠤ ᠠᠪᠬᠤ ᠬᠠᠨᠳᠤᠯᠭ᠎ᠠ ᠪᠠᠶᠢᠭᠰᠠᠭᠠᠷ ᠪᠠᠶᠢᠨ᠎ᠠ᠃  ᠡᢉᠦᠨ ᠲᠡᠢ ᠬᠣᠯᠪᠤᠭ᠎ᠠ ᠲᠠᠢ ᠪᠠᠷ ᠲᠥᠷᠦ ᠶ᠋ᠢᠨ ᠴᠠᢈᠢᠮ ᠦᠢᠯᠡᠴᠢᠯᠡᢉᠡᠨ ᠦ᠋ ᠨᠢᢉᠡᠳᠦᢉᠰᠡᠨ ᠰᠢᠰᠲ᠋ᠧᠮ᠂ ᠴᠠᢈᠢᠮᠵᠢᠭᠰᠠᠨ ᠦᠢᠯᠡᠴᠢᠯᠡᢉᠡ ᠶ᠋ᠢ ᠢᠷᢉᠡᠳ ᠲᠦ ᠰᠤᠷᠲᠠᠯᠴᠢᠯᠠᠨ ᠲᠠᠨᠢᠭᠤᠯᠬᠤ᠂ ᠮᠡᠳᠡᢉᠡ ᠮᠡᠳᠡᢉᠡᠯᠡᠯ ᠢ᠋ ᠣᠯᠠᠨ ᠲᠠᠯᠠᠲᠤ ᠰᠤᠪᠠᠭ ᠢ᠋ᠶᠠᠷ ᠲᠦᢉᠡᢉᠡᢈᠦ᠂ ᢈᠦᠷᠲᠡᢉᠡᠮᠵᠢ ᠶ᠋ᠢ ᠨᠡᠮᠡᢉᠳᠡᢉᠦᠯᢈᠦ᠂ ᠤᠶᠠᠯᠳᠤᠭ᠎ᠠ ᠶ᠋ᠢ ᠬᠠᠩᠭᠠᠬᠤ ᠲᠠᠯ᠎ᠠ ᠳᠡᢉᠡᠷ᠎ᠡ ᠢᠯᠡᢉᠦᠦ ᠠᠴᠢ ᠬᠣᠯᠪᠤᠭᠳᠠᠯ ᠥᢉᠴᠦ ᠠᠩᠬᠠᠷᠤᠨ ᠲᠥᠷᠦ ᠶ᠋ᠢᠨ ᠪᠠᠶᠢᠭᠤᠯᠤᠯᠭ᠎ᠠ ᠨᠤᠭᠤᠳ ᠤ᠋ᠨ ᢈᠡᠪᠯᠡᠯ ᠮᠡᠳᠡᢉᠡᠯᠡᠯ ᠢ᠋ ᠬᠠᠷᠢᠭᠤᠴᠠᠭᠰᠠᠨ ᠤᠳᠤᠷᠢᠳᠤᠯᠭ᠎ᠠ᠂ᠠᠯᠪᠠ ᠬᠠᠭᠠᠭᠴᠢᠳ ᠲᠠᠢ ᠬᠠᠮᠲᠤᠷᠠᠭᠰᠠᠨ ᠠᠭᠤᠯᠵᠠᠯᠲᠠ ᠶ᠋ᠢ ᠱᠠᠲᠤ ᠳᠠᠷᠠᠭ᠎ᠠ ᠲᠠᠢ ᠵᠣᢈᠢᠶᠠᠨ ᠪᠠᠶᠢᠭᠤᠯᠵᠤ ᠪᠠᠶᠢᠭ᠎ᠠ ᠪᠢᠯᠡ᠃

ᠲᠤᠰ ᠠᠵᠢᠯ ᠤ᠋ᠨ ᢈᠦᠷᠢᠶ ᠡᠨ ᠳ᠋ᠦ ᠥᠨᠦᠳᠦᠷ “ᠢ-ᠮᠣᠩᠭᠤᠯ ᠠᠻᠠᠳ᠋ᠧᠮᠢ” ᠤᠲᠤᠭ- ᠤ᠋ᠨ ᠰᠣᠩᠬᠤᠭ- ᠤ᠋ᠨ ᠳᠠᠷᠤᠭ᠎ᠠ ᠨᠠ‍᠂ ᠲᠥᠷᠦᠪᠠᠲᠤ᠂ ᠡᠮ ᠡᠮᠨᠡᠯᢉᠡ ᠶ᠋ᠢᠨ ᢈᠡᠷᠡᢉᠰᠡᠯ ᠦ᠋ᠨ ᢈᠢᠨᠠᠯᠲᠠ ᠵᠣᢈᠢᠴᠠᠭᠤᠯᠤᠯᠲᠠ ᠶ᠋ᠢᠨ ᠭᠠᠵᠠᠷ ᠤ᠋ᠨ ᠬᠣᠯᠪᠤᠭᠳᠠᠬᠤ ᠮᠡᠷᢉᠡᠵᠢᠯᠲᠡᠨ ᠠᠯᠪᠠ ᠬᠠᠭᠠᠭᠴᠢ ᠳ᠋ᠤ ᠠᠭᠤᠯᠵᠠᠵᠤ ᠬᠠᠷᠢᠯᠴᠠᠨ ᠰᠠᠨᠠᠯ ᠰᠣᠯᠢᠯᠴᠠᠪᠠ᠃

ᠡᠨᠡ ᢈᠦ ᠬᠠᠮᠲᠤ ᠶ᠋ᠢᠨ ᠠᠵᠢᠯᠯᠠᠭ᠎ᠠ ᠨᠢ ᠵᠥᠪᢈᠡᠨ ᠮᠡᠳᠡᢉᠡᠯᠡᠯ ᠲᠦᢉᠡᢉᠡᢈᠦ ᠲᠡᠳᠦᠢ ᠦᢉᠡᠢ᠂ ᠢᠷᢉᠡᠳ ᠦ᠋ᠨ ᠴᠠᢈᠢᠮ ᠦᠢᠯᠡᠴᠢᠯᠡᢉᠡᠨ ᠦ᠋ ᠲᠠᠯᠠᠭᠠᠷᢈᠢ ᠮᠡᠳᠡᠯᢉᠡ ᠶ᠋ᠢ ᠨᠡᠮᠡᢉᠳᠡᢉᠦᠯᢈᠦ᠂ ᠲᠥᠷᠦ ᠶ᠋ᠢᠨ ᠮᠡᠳᠡᢉᠡᠯᠡᠯ ᠢ᠋ ᠰᠢᠭᠤᠷᠬᠠᠢ᠂ ᠪᠣᠳᠠᠲᠠᠢ ᢈᠦᠷᢈᠡᢈᠦ ᠰᠠᠭᠤᠷᠢ ᠨᠦᢈᠦᠴᠡᠯ ᠢ᠋ ᠪᠦᠷᠢᠳᠦᢉᠦᠯᢈᠦ ᠴᠢᠬᠤᠯᠠ ᠠᠯᠬᠤᠮ ᠪᠣᠯᠵᠤ ᠪᠠᠶᠢᠭ᠎ᠠ ᠪᠠᠷ ᠢ᠋ᠶᠠᠨ ᠣᠨᠴᠠᠯᠢᠭ ᠪᠣᠯᠵᠤ ᠪᠠᠶᠢᠨ᠎ᠠ᠃

ᠨᠡᠶᠢᠲᠡᠯᠡᠭᠰᠡᠨ᠄