E-Mongolia ᠰᠢᠰᠲ᠋ᠧᠮ ᠳ᠋ᠦ ᠥᠨᠦᠳᠦᠷ ᠦ᠋ᠨ ᠪᠠᠶᠢᠳᠠᠯ ᠢ᠋ᠶᠠᠷ ᠘᠘ ᠪᠠᠶᠢᠭᠤᠯᠤᠯᠭᠠ ᠶ᠋ᠢᠨ ᠑᠒᠖᠔ ᠦᠢᠯᠡᠴᠢᠯᠡᢉᠡ ᠪᠠᠶᠢᠷᠢᠰᠢᠭᠰᠠᠨ ᢈᠡᠳᠦᠢ ᠴᠤ ᠢᠷᢉᠡᠳ ᠦ᠋ᠨ ᠮᠡᠳᠡᢉᠡᠯᠡᠯ ᠦ᠋ᠨ ᢈᠦᠷᠲᠡᢉᠡᠮᠵᠢᠲᠦ ᠪᠠᠶᠢᠳᠠᠯ᠂ ᠲᠠᠨᠢᠨ ᠮᠡᠳᠡᢈᠦᠢ ᠶ᠋ᠢᠨ ᠪᠠᠶᠢᠳᠠᠯ ᠵᠡᠷᢉᠡ ᠡᠴᠡ ᠰᠢᠯᠲᠠᠭᠠᠯᠠᠨ ᠪᠡᠶᠡᠴᠢᠯᠡᠨ ᠣᠴᠢᠵᠤ ᠲᠥᠷᠦ ᠶ᠋ᠢᠨ ᠦᠢᠯᠡᠴᠢᠯᠡᢉᠡ ᠶ᠋ᠢ ᠠᠪᠬᠤ ᠬᠠᠨᠳᠤᠯᠭᠠ ᠪᠠᠶᠢᠭᠰᠠᠭᠠᠷ ᠪᠠᠶᠢᠭᠰᠠᠭᠠᠷ ᠪᠠᠶᠢᠨᠠ᠃
ᠡᠶᠢᠮᠦ ᠳ᠋ᠦ ᠲᠥᠷᠦ ᠶ᠋ᠢᠨ ᠴᠠᢈᠢᠮ ᠦᠢᠯᠡᠴᠢᠯᠡᢉᠡᠨ ᠦ᠋ ᠨᠢᢉᠡᠳᠦᢉᠰᠡᠨ ᠰᠢᠰᠲ᠋ᠧᠮ᠂ ᠲᠡᢉᠦᠨ ᠦ᠋ ᠦᠢᠯᠡᠴᠢᠯᠡᢉᠡ ᠶ᠋ᠢ ᠢᠷᢉᠡᠳ ᠲᠦ ᠰᠤᠷᠲᠠᠯᠴᠢᠯᠠᠨ ᠲᠠᠨᠢᠭᠤᠯᠬᠤ᠂ ᠮᠡᠳᠡᢉᠡ ᠮᠡᠳᠡᢉᠡᠯᠡᠯ ᠢ᠋ ᠣᠯᠠᠨ ᠲᠠᠯᠠᠲᠤ ᠰᠤᠪᠠᠭ ᠢ᠋ᠶᠠᠷ ᠲᠦᢉᠡᢉᠡᢈᠦ᠂ ᢈᠦᠷᠲᠡᢉᠡᠮᠵᠢ ᠶ᠋ᠢ ᠨᠡᠮᠡᢉᠳᠡᢉᠦᠯᢈᠦ᠂ ᠤᠶᠠᠯᠳᠤᠭᠠ ᠶ᠋ᠢ ᠬᠠᠩᠭᠠᠬᠤ ᠲᠠᠯᠠ ᠳᠡᢉᠡᠷᠡ ᠠᠩᠬᠠᠷᠴᠤ ᠲᠥᠷᠦ ᠶ᠋ᠢᠨ ᠪᠠᠶᠢᠭᠤᠯᠤᠯᠭᠠ ᠨᠤᠭᠤᠳ ᠤ᠋ᠨ ᢈᠡᠪᠯᠡᠯ ᠮᠡᠳᠡᢉᠡᠯᠡᠯ ᠢ᠋ ᠬᠠᠷᠢᠭᠤᠴᠠᠭᠰᠠᠨ ᠤᠳᠤᠷᠢᠳᠤᠯᠭᠠ᠂ ᠠᠯᠪᠠ ᠬᠠᠭᠠᠭᠴᠢᠳ ᠲᠠᠢ ᠬᠠᠮᠲᠤᠷᠠᠭᠰᠠᠨ ᠠᠭᠤᠯᠵᠠᠯᠲᠠ ᠶ᠋ᠢ ᠱᠠᠲᠤ ᠳᠠᠷᠠᠭᠠ ᠲᠠᠢ ᠵᠣᢈᠢᠶᠠᠨ ᠪᠠᠶᠢᠭᠤᠯᠵᠤ ᠪᠠᠶᠢᠭᠠ ᠪᠢᠯᠡ᠃
ᠲᠤᠰ ᠠᠵᠢᠯ ᠤ᠋ᠨ ᢈᠦᠷᠢᠶ ᠡᠨ ᠳ᠋ᠦ “ᠢ-ᠮᠣᠩᠭᠤᠯ ᠠᠻᠠᠳ᠋ᠧᠮᠢ” ᠤᠲᠤᠭ- ᠤ᠋ᠨ ᠰᠣᠩᠬᠤᠭ- ᠤ᠋ᠨ ᠳᠠᠷᠤᠭᠠ ᠨᠠ᠂ ᠲᠥᠷᠦᠪᠠᠲᠤ᠂ ᠦᠨᠳᠦᠰᠦᠨ ᠦ᠋ ᠠᠦ᠋ᠳᠢᠲ ᠤ᠋ᠨ ᠭᠠᠵᠠᠷ ᠤ᠋ᠨ ᠬᠣᠯᠪᠤᠭᠳᠠᠬᠤ ᠮᠡᠷᢉᠡᠵᠢᠯᠲᠡᠨ ᠠᠯᠪᠠ ᠬᠠᠭᠠᠭᠴᠢ ᠳ᠋ᠤ ᠠᠭᠤᠯᠵᠠᠵᠤ ᠬᠠᠷᠢᠯᠴᠠᠨ ᠰᠠᠨᠠᠯ ᠰᠣᠯᠢᠯᠴᠠᠯᠠ
ᠠᠦ᠋ᠳᠢᠲ ᠤ᠋ᠨ ᠰᠡᠳᠦᠪᠲᠦ ᠰᠠᠨᠠᠯ ᠥᢉᢈᠦ ᠶ᠋ᠢᠨ ᠲᠤᠯᠠᠳᠠ ᠢᠷᢉᠡᠨ ᠲᠠ ᠥᠪᠡᠷ ᠦ᠋ᠨ ᠪᠦᠷᠢᠳᢈᠡᠯ ᠲᠡᠢ ᠬᠠᠶᠢᠭ ᠢ᠋ᠶᠠᠷ E-Mongolia ᠰᠢᠰᠲ᠋ᠧᠮ ᠳ᠋ᠦ ᠨᠡᠪᠲᠡᠷᠡᠨ ᠣᠷᠤᠵᠤ ᠦᠶᠢᠯᠡᠴᠢᠯᠡᢉᠡ ᠨᠦ᠋ᢉᠦᠳ ᢈᠡᠰᠡᢉ ᠲᠦ “ᠲᠥᠷᠦ ᠶ᠋ᠢᠨ ᠠᠦᠳᠢᠲ ᠤ᠋ᠨ ᠪᠠᠶᠢᠭᠤᠯᠤᠯᠭᠠ ᠶ᠋ᠢᠨ ᠠᠦᠳᠢᠲ ᠤ᠋ᠨ ᠰᠡᠳᠦᠪᠲᠦ ᠰᠠᠨᠠᠯ ᠥᢉᢈᠦ” ᠦᠢᠯᠡᠴᠢᠯᠡᢉᠡ ᠶ᠋ᠢ ᠰᠣᠩᠭᠤᠨ ᠰᠡᠳᠦᠪ ᠦ᠋ᠨ ᠬᠠᠮᠤᠷᠬᠤ ᢈᠦᠷᠢᠶᠡ ᠪᠣᠯᠤᠨ ᠪᠤᠰᠤᠳ ᠲᠠᠯᠠᠪᠤᠷᠢ ᠶ᠋ᠢ ᠪᠥᢉᠯᠡᠨ ᠰᠠᠨᠠᠯ ᠢ᠋ᠶᠠᠨ ᠥᢉᢈᠦ ᠪᠣᠯᠤᠮᠵᠢ ᠲᠠᠢ᠃
ᠲᠤᠰ ᠦᠢᠯᠡᠴᠢᠯᠡᢉᠡ ᠶ᠋ᠢ ᠴᠠᢈᠢᠮᠵᠢᠭᠤᠯᠤᠭᠰᠠᠨ ᠢ᠋ᠶᠠᠷ ᠮᠣᠩᠭᠣᠯ ᠤᠯᠤᠰ ᠤ᠋ᠨ ᠢᠷᢉᠡᠨ ᠪᠦᠷᠢ ᠴᠠᠭ ᠬᠤᠭᠤᠴᠠᠭᠠ ᠣᠷᠤᠨ ᠵᠠᠢ ᠶ᠋ᠢ ᠦᠯᠦ ᠬᠠᠮᠢᠶᠠᠷᠤᠨ ᠬᠠᠮᠢᠭᠠ ᠠ᠋ᠴᠠ ᠴᠤ ᠥᠪᠡᠷ ᠦ᠋ᠨ ᠰᠠᠨᠠᠯ ᠢ᠋ᠶᠠᠨ ᠥᢉᢈᠦ ᠪᠣᠯᠤᠮᠵᠢ ᠪᠦᠷᠢᠳᢈᠦ ᠡᠴᠡ ᠭᠠᠳᠠᠨᠠ ᠢᠷᢉᠡᠨ ᠲᠠ ᠥᠪᠡᠷ ᠦ᠋ᠨ ᠰᠠᠨᠠᠯ ᠢ᠋ᠶᠠᠨ ᠥᢉᢉᠦᢉᠰᠡᠨ ᠢ᠋ᠶᠡᠷ ᠢᠷᢉᠡᠳ ᠦ᠋ᠨ ᠠᠮᠢᠳᠤᠷᠠᠯ ᠢ᠋ ᠰᠠᠶᠢᠵᠢᠷᠠᠭᠤᠯᠬᠤ᠂ ᠨᠥᠯᠦᢉᠡᠯᠡᠵᠦ ᠪᠤᠢ ᢈᠦᠴᠦᠨ ᠵᠦᠢᠯ᠂ ᠴᠢᠨᠠᠷ᠂ ᠦᠷᠡ ᠨᠥᠯᠦᢉᠡ ᠶ᠋ᠢ ᠳᠡᢉᠡᢉᠰᠢᠯᠡᢉᠦᠯᢈᠦ ᠳ᠋ᠦ ᠶᠡᢈᠡᢉᠡᢈᠡᠨ ᠬᠤᠪᠢ ᠨᠡᠮᠡᠷᠢ ᠣᠷᠤᠭᠤᠯᠵᠤ ᠪᠠᠶᠢᠭᠠ ᠶᠤᠮ᠃ ᠲᠠᠨ ᠳ᠋ᠤ ᠲᠥᠷᠦ ᠶ᠋ᠢᠨ ᠦᠢᠯᠡᠴᠢᠯᠡᢉᠡ ᠠᠪᠬᠤ᠂ ᠲᠥᠷᠦ ᠶ᠋ᠢᠨ ᠪᠠᠶᠢᠭᠤᠯᠤᠯᠭᠠ ᠪᠠᠷ ᠦᠢᠯᠡᠴᠢᠯᠡᢉᠦᠯᢈᠦ ᠲᠡᠢ ᠬᠣᠯᠪᠤᠭᠠ ᠲᠠᠢ ᢈᠦᠨᠳᠦᠷᠡᠯ᠂ ᠴᠢᠷᠦᢉᠳᠡᠯ᠂ ᠡᠰᠡᠪᠡᠯ ᠲᠥᠷᠦ ᠶ᠋ᠢᠨ ᠬᠠᠤᠯᠢ ᢈᠡᠷᠡᢉᠵᠢᢈᠦ ᠦᢉᠡᠢ ᠲᠠᠯᠠᠭᠠᠷ ᠮᠡᠳᠡᢉᠡᠯᠡᠯ ᠪᠠᠶᠢᠭᠠ ᠪᠣᠯ ᠲᠥᠷᠦ ᠶ᠋ᠢᠨ ᠴᠠᢈᠢᠮ ᠦᠶᠢᠯᠡᠴᠢᠯᠡᢉᠡᠨ ᠦ᠋ ᠨᠢᢉᠡᠳᠦᢉᠰᠡᠨ E-Mongolia ᠰᠢᠰᠲ᠋ᠧᠮ ᠳ᠋ᠦ ᠰᠠᠨᠠᠯ ᠢ᠋ᠶᠠᠨ ᠥᢉᢉᠦᢉᠡᠷᠡᠢ᠃