ᠮᠣᠩᠭᠣᠯ ᠤᠯᠤᠰ ᠤ᠋ᠨ ᠶᠡᢈᠡ ᠬᠤᠷᠠᠯ ᠠ᠋ᠴᠠ ᠒᠐᠒᠔ ᠣᠨ ᠤ᠋ ᠖ ᠳ᠋ᠤᠭᠠᠷ ᠰᠠᠷᠠ ᠶ᠋ᠢᠨ ᠕ ᠡᠳᠦᠷ ᠠᠩᠬᠠ ᠤᠳᠠᠭᠠ “ᠮᠡᠳᠡᢉᠡᠯᠡᠯ ᠦ᠋ᠨ ᠲᠧᢈᠨᠣᠯᠣᢉᠢ ᠶ᠋ᠢᠨ ᠦᠶᠢᠯᠡᠳᠪᠦᠷᠢᠯᠡᠯ ᠢ᠋ ᠳᠡᠮᠵᠢᢈᠦ ᠲᠤᠬᠠᠢ” ᠬᠠᠤᠯᠢ ᠶ᠋ᠢ ᠪᠠᠲᠤᠯᠠᠭᠰᠠᠨ᠃ᠲᠤᠰ ᠬᠠᠤᠯᠢ ᠶ᠋ᠢᠨ ᢈᠡᠷᠡᢉᠵᠢᠯᠲᠡ ᠶ᠋ᠢ ᠬᠠᠩᠭᠠᠬᠤ ᠰᠠᠭᠤᠷᠢ ᠳᠡᠳ᠋ ᠪᠦᠲᠦᠴᠡ ᠨᠢ “ᠮᠡᠳᠡᢉᠡᠯᠡᠯ ᠦ᠋ᠨ ᠲᠧᢈᠨᠣᠯᠣᢉᠢ ᠶ᠋ᠢᠨ ᠦᠶᠢᠯᠡᠳᠪᠦᠷᠢᠯᠡᠯ ᠢ᠋ ᠳᠡᠮᠵᠢᢈᠦ ᠸᠢᠷᠲ᠋ᠦ᠋ᠸᠠᠯ ᠪᠦᠰᠡ” ᠶᠦᠮ᠃
ᠵᠠᠰᠠᠭ ᠤ᠋ᠨ ᠭᠠᠵᠠᠷ ᠤ᠋ᠨ /᠒᠐᠒᠕᠂᠐᠙᠂᠑᠗/ ᠡᠳᠦᠷ ᠦ᠋ᠨ ᠬᠤᠷᠠᠯᠳᠤᠭᠠᠨ ᠢ᠋ᠶᠠᠷ ᠸᠢᠷᠲ᠋ᠦ᠋ᠸᠠᠯ ᠪᠦᠰᠡ ᠪᠠᠶᠢᠭᠤᠯᠬᠤ ᠰᠢᠢᠳᠪᠦᠷᠢ ᠭᠠᠷᠴᠤ᠂︽ᠮᠡᠳᠡᢉᠡᠯᠡᠯ ᠦ᠋ᠨ ᠲᠧᢈᠨᠣᠯᠣᢉᠢ ᠶ᠋ᠢᠨ ᠦᠶᠢᠯᠡᠳᠪᠦᠷᠢᠯᠡᠯ ᠢ᠋ ᠳᠡᠮᠵᠢᢈᠦ ᠸᠢᠷᠲ᠋ᠦ᠋ᠸᠠᠯ ᠪᠦᠰᠡ ᠶ᠋ᠢᠨ ᠠᠵᠢᠯᠯᠠᠬᠤ ᠵᠢᠷᠤᠮ«, ︽ᠸᠢᠷᠲ᠋ᠦ᠋ᠸᠠᠯ ᠪᠦᠰᠡ ᠳ᠋ᠦ ᠪᠦᠷᠢᠳᢈᠡᠯᠲᠡᠢ ᠬᠠᠤᠯᠢ ᠶ᠋ᠢᠨ ᠡᠲᠡᢉᠡᠳ ᠲᠦ ᠲᠠᠲᠠᠪᠤᠷᠢ ᠶ᠋ᠢᠨ ᠪᠣᠯᠤᠨ ᠲᠠᠲᠠᠪᠤᠷᠢ ᠶ᠋ᠢᠨ ᠪᠤᠰᠤ ᠳᠡᠮᠵᠢᠯᢉᠡ ᠦᠵᠡᢉᠦᠯᢈᠦ ᠵᠢᠷᠤᠮ»-ᠤ᠋ ᠲᠤᠰ ᠲᠤᠰ ᠪᠠᠲᠤᠯᠠᠭᠰᠠᠨ᠃
ᠢᠩᢉᠢᢉᠰᠡᠨ ᠢ᠋ᠶᠡᠷ ᠸᠢᠷᠲ᠋ᠦ᠋ᠸᠠᠯ ᠪᠦᠰᠡ ᠶ᠋ᠢᠨ ᠵᠢᠷᠤᠮ ᠠᠯᠪᠠᠨ ᠶᠣᠰᠤᠭᠠᠷ ᢈᠡᠷᠡᢉᠵᠢᠵᠦ ᠡᢈᠢᠯᠡᠵᠦ᠂ᠮᠡᠳᠡᢉᠡᠯᠡᠯ ᠦ᠋ᠨ ᠲᠧᢈᠨᠣᠯᠣᢉᠢ ᠶ᠋ᠢᠨ ᠦᠶᠢᠯᠡᠳᠪᠦᠷᠢᠯᠡᠯ ᠡᠷᢈᠢᠯᠡᠳᠡᢉ ᠳᠣᠲᠤᠭᠠᠳᠤ ᠶ᠋ᠢᠨ ᠠᠵᠤ ᠠᠬᠤᠢ ᠶ᠋ᠢᠨ ᠨᠢᢉᠡᠴᠡ ᠨᠦ᠋ᢉᠦᠳ ᠢ᠋ E-Business ᠰᠢᠰᠲ᠋ᠧᠮ ᠢ᠋ᠶᠡᠷ ᠳᠠᠮᠵᠢᠭᠤᠯᠤᠨ ᠸᠢᠷᠲ᠋ᠦ᠋ᠸᠠᠯ ᠪᠦᠰᠡ ᠳ᠋ᠦ ᠪᠦᠷᠢᠳᢈᠡᢈᠦ ᢈᠦᠰᠡᠯᠲᠡ ᠶ᠋ᠢ ᢈᠦᠯᠢᠶᠡᠨ ᠠᠪᠴᠤ ᠡᢈᠢᠯᠡᠯᠡ᠃
ᠸᠢᠷᠲ᠋ᠦ᠋ᠸᠠᠯ ᠪᠦᠰᠡ ᠳ᠋ᠦ ᠪᠦᠷᠢᠳᢈᠡᢉᠦᠯᠦᢉᠰᠡᠨ ᠢ᠋ᠶᠡᠷ ᠳᠠᠷᠠᠭᠠᢈᠢ ᠳᠡᠮᠵᠢᠯᢉᠡ ᠨᠦ᠋ᢉᠦᠳ ᠢ᠋ ᠠᠪᠬᠤ ᠪᠣᠯᠤᠮᠵᠢᠲᠠᠢ
- ᠠᠵᠤ ᠠᠬᠤᠢ ᠶ᠋ᠢᠨ ᠨᠢᢉᠡᠴᠡ ᠶ᠋ᠢᠨ ᠣᠷᠤᠯᠭᠠ ᠶ᠋ᠢᠨ ᠠᠯᠪᠠᠨ ᠲᠠᠲᠠᠪᠤᠷᠢ ᠶ᠋ᠢᠨ ᠲᠤᠬᠠᠢ ᠬᠠᠤᠯᠢ ᠳ᠋ᠤ ᠵᠢᠭᠠᠭᠰᠠᠨ ᠢ᠋ᠶᠠᠷ ᠲᠤᠰ ᠪᠦᠰᠡ ᠳ᠋ᠦ ᠪᠦᠷᠢᠳᢈᠡᢉᠦᠯᠦᠨ ᠦᠶᠢᠯᠡ ᠠᠵᠢᠯᠯᠠᠭᠠ ᠶᠠᠪᠤᠭᠤᠯᠵᠤ ᠪᠠᠶᠢᠭᠠ ᠠᠵᠤ ᠠᠬᠤᠢ ᠶ᠋ᠢᠨ ᠨᠢᢉᠡᠴᠡ ᠨᠦ᠋ᢉᠦᠳ ᠣᠷᠤᠯᠭᠠ ᠶ᠋ᠢᠨ ᠠᠯᠪᠠᠨ ᠲᠠᠲᠠᠪᠤᠷᠢ ᠠ᠋ᠴᠠ ᢈᠥᠩᢉᠡᠯᠡᢉᠦᠯᢈᠦ;
- ᠬᠠᠤᠯᠢ ᠶ᠋ᠢᠨ ᠡᠲᠡᢉᠡᠳ ᠲᠦ ᠨᠡᠶᠢᢉᠡᠮ ᠦ᠋ᠨ ᠬᠠᠷᠢᠭᠤᠴᠠᠯᠭᠠ ᠶ᠋ᠢᠨ ᢈᠦᠷᠢᠶᠡᠨ ᠳ᠋ᠦ ᠰᠠᠩᢈᠦᠦ ᠶ᠋ᠢᠨ ᠳᠡᠮᠵᠢᠯᢉᠡ᠂ ᠲᠤᠰᠠᠯᠠᠮᠵᠢ ᠣᠯᠭᠤᠭᠰᠠᠨ ᠠᠵᠤ ᠠᠬᠤᠢ ᠶ᠋ᠢᠨ ᠨᠢᢉᠡᠴᠡ ᠳ᠋ᠦ ᠲᠠᠲᠠᠪᠤᠷᠢ ᠶ᠋ᠢᠨ ᢈᠥᠩᢉᠡᠯᠡᠯᠲᠡ ᠡᠳ᠋ᠯᠡᢈᠦ᠃
ᠮᠥᠨ “ᠮᠡᠳᠡᢉᠡᠯᠡᠯ ᠦ᠋ᠨ ᠲᠧᢈᠨᠣᠯᠣᢉᠢ ᠶ᠋ᠢᠨ ᠦᠶᠢᠯᠡᠳᠪᠦᠷᠢᠯᠡᠯ ᠢ᠋ ᠳᠡᠮᠵᠢᢈᠦ ᠲᠤᠬᠠᠢ” ᠬᠠᠤᠯᠢ ᠳ᠋ᠤ ᠲᠤᠰᠬᠠᠭᠰᠠᠨ ᠳᠠᠷᠠᠭᠠᢈᠢ ᠙ ᠲᠥᠷᠦᠯ ᠦ᠋ᠨ ᠳᠡᠮᠵᠢᠯᢉᠡ ᠶ᠋ᠢ ᠲᠧᢈᠨᠣᠯᠣᢉᠢ ᠶ᠋ᠢᠨ ᠻᠣᠮᠫᠠᠨᠢ ᠨᠤᠭᠤᠳ ᠲᠤ ᠣᠯᠭᠤᠨᠠ᠃ᠡᢉᠦᠨ ᠳ᠋ᠦ:
- ᠫᠠᠲ᠋ᠧᠨ᠋ᠲ᠋ᠵᠢᠭᠤᠯᠬᠤ ᠵᠠᠷᠤᠳᠠᠯ ᠳ᠋ᠤ ᢉᠷᠠᠨ᠋ᠲ ᠣᠯᠭᠤᠬᠤ;
- ᠣᠯᠠᠨ ᠤᠯᠤᠰ ᠤ᠋ᠨ ᠴᠢᠨᠠᠷ᠂ ᠰᠲ᠋ᠠᠨ᠋ᠳᠠᠷᠲ ᠤ᠋ᠨ ᠪᠠᠲᠤᠯᠠᠭᠠᠵᠢᠭᠤᠯᠤᠯᠲᠠ ᠶ᠋ᠢᠨ ᠵᠠᠷᠤᠳᠠᠯ ᠢ᠋ ᠰᠠᠩᢈᠦᠵᠢᢉᠦᠯᢈᠦ ᠳ᠋ᠦ ᢉᠷᠠᠨ᠋ᠲ ᠣᠯᠭᠤᠬᠤ;
- ᠨᠡᠶᠢᢉᠡᠮ ᠦ᠋ᠨ ᠳᠠᠭᠠᠳᠬᠠᠯ ᠤ᠋ᠨ ᠰᠢᠮᠡᠳᢈᠡᠯ ᠲᠥᠯᠦᠯᠲᠡ ᠳ᠋ᠦ ᠨᠥᢈᠦᠨ ᠣᠯᠭᠤᠪᠤᠷᠢ ᠣᠯᠭᠤᠬᠤ;
- ᢈᠢᠮᠡᠯ ᠣᠶᠤᠨ ᠤ᠋ ᠲᠥᠰᠦᠯ ᠦ᠋ᠨ ᠨᠡᠶᠢᠲᠡ ᠥᠷᠲᠡᢉ ᠦ᠋ᠨ ᠔᠐ ᢈᠦᠷᠲᠡᠯᠡᢈᠢ ᠬᠤᠪᠢ ᠳ᠋ᠤ ᢉᠷᠠᠨ᠋ᠲ ᠣᠯᠭᠤᠬᠤ;
- ᠫᠠᠲ᠋ᠧᠨ᠋ᠲ ᠡᠵᠡᠮᠰᠢᢉᠴᠢ ᠳ᠋ᠦ ᠱᠠᠩᠨᠠᠯ᠂ ᠤᠷᠮᠠᠰᠢᠭᠤᠯᠤᠯ ᠣᠯᠭᠤᠬᠤ;
- ᠭᠠᠷᠤᠭᠠᠨ ᠤ᠋ ᠻᠣᠮᠫᠠᠨᠢ ᠨᠤᠭᠤᠳ ᠲᠤ ᠰᠤᠳᠤᠯᠭᠠ᠂ ᢈᠥᢉᠵᠢᢉᠦᠯᠦᠯᠲᠡ ᠶ᠋ᠢᠨ ᠵᠠᠷᠤᠳᠠᠯ ᠤ᠋ᠨ ᠗᠐ ᢈᠦᠷᠲᠡᠯᠡᢈᠢ ᠬᠤᠪᠢ ᠳ᠋ᠤ ᠳᠡᠮᠵᠢᠯᢉᠡ ᠣᠯᠭᠤᠬᠤ;
- ᠵᠢᢉᠡᠯᠡ ᠶ᠋ᠢᠨ ᠪᠠᠲᠤᠯᠠᠨ ᠳᠠᠭᠠᠭᠠᠯᠲᠠ ᠭᠠᠷᠭᠠᠬᠤ;
- ᠵᠢᢉᠡᠯᠡ ᠶ᠋ᠢᠨ ᢈᠦ᠋ᠦ ᠶ᠋ᠢᠨ ᠲᠣᠳᠤᠷᠬᠠᠢ ᠬᠤᠪᠢ ᠶ᠋ᠢ ᠰᠠᠩᢈᠦᠵᠢᢉᠦᠯᢈᠦ;
- ᠡᠳ᠋ ᢈᠥᠷᠦᠩᢉᠡ ᠶ᠋ᠢᠨ ᠲᠦᠷᢉᠡᠪᠴᠢᠯᠡᢉᠰᠡᠨ ᠡᠯᠡᢉᠳᠡᠯ ᠬᠣᠷᠤᠭᠳᠠᠯ ᠲᠣᠭᠠᠴᠠᠬᠤ;
ᠸᠢᠷᠲ᠋ᠦ᠋ᠸᠠᠯ ᠪᠦᠰᠡ ᠪᠠᠶᠢᠭᠤᠯᠤᠭᠰᠠᠨ ᠢ᠋ᠶᠠᠷ ᠣᠯᠠᠨ ᠤᠯᠤᠰ ᠤ᠋ᠨ ᠰᠠᠶᠢᠨ ᠲᠤᠷᠰᠢᠯᠭᠠ ᠶ᠋ᠢ ᠨᠤᠲᠤᠭᠰᠢᠭᠤᠯᠵᠤ᠂ᠲᠧᢈᠨᠣᠯᠣᢉᠢ ᠶ᠋ᠢᠨ ᠰᠠᠯᠪᠤᠷᠢ ᠶ᠋ᠢᠨ ᢈᠥᢉᠵᠢᠯ ᠢ᠋ ᠬᠤᠷᠳᠤᠰᠬᠠᠬᠤ ᠤᠯᠠᠮ ᠢ᠋ᠶᠠᠷ ᠠᠭᠤᠯᠠ ᠠᠭᠤᠷᠬᠠᠢ ᠠ᠋ᠴᠠ ᠬᠠᠷᠠᠭᠠᠲᠤ ᠪᠤᠰᠤ᠂ ᠣᠶᠤᠨ ᠤ᠋ ᠪᠦᠲᠦᢉᠡᠯ ᠳ᠋ᠦ ᠲᠤᠯᠭᠠᠭᠤᠷᠢᠯᠠᠭᠰᠠᠨ ᠡᠻᠰᠫᠣᠷᠲ ᠤ᠋ᠨ ᠪᠦᠲᠦᢉᠡᢉᠳᠡᢈᠦᠨ᠂ ᠦᠶᠢᠯᠡᠴᠢᠯᠡᢉᠡ ᠪᠤᠢ ᠪᠣᠯᠭᠠᠬᠤ ᠳ᠋ᠤ ᠴᠢᠬᠤᠯᠠ ᠬᠤᠪᠢ ᠨᠡᠮᠡᠷᠢ ᠣᠷᠤᠭᠤᠯᠬᠤ ᠶᠤᠮ᠃
ᠸᠢᠷᠲ᠋ᠦ᠋ᠸᠠᠯ ᠪᠦᠰᠡ ᠳ᠋ᠦ ᠪᠦᠷᠢᠳᢈᠡᢉᠦᠯᢈᠦ ᠰᠣᠨᠢᠷᠬᠠᠯᠲᠠᠢ ᠪᠠᠶᠢᠭᠤᠯᠤᠯᠭᠠ ᠨᠤᠭᠤᠳ https://e-business.mn/home ᠳ᠋ᠡᠩ ᠰᠢᠰᠲ᠋ᠧᠮ ᠢ᠋ᠶᠡᠷ ᠳᠠᠮᠵᠢᠭᠤᠯᠤᠨ ᢈᠦᠰᠡᠯᠲᠡ ᠪᠡᠨ ᠢᠯᠡᢉᠡᢉᠡᠷᠡᠢ᠃ ᠳ᠋ᠡᠩ ᠰᠢᠰᠲ᠋ᠧᠮ ᠢ᠋ᠶᠡᠷ ᠳᠠᠮᠵᠢᠭᠤᠯᠤᠨ ᢈᠦᠰᠡᠯᠲᠡ ᠪᠡᠨ ᠢᠯᠡᢉᠡᢉᠡᠷᠡᠢ᠃
