ᠴᠠᠭ ᠠᠭᠠᠷ ᠤ᠋ᠨ ᠠᠶᠤᠯᠲᠠᠢ ᠦᠵᠡᢉᠳᠡᠯ ᠦ᠋ᠨ ᠮᠡᠳᠡᢉᠡᠯᠡᠯ ᠢ᠋ E-MONGOLIA ᠰᠢᠰᠲ᠋ᠧᠮ ᠡᠴᠡ ᠴᠠᠭ ᠠᠯᠳᠠᠯ ᠦᢉᠡᠢ ᠠᠪᠤᠭᠠᠷᠠᠢ


ᠰᠡᢉᠦᠯ ᠦ᠋ᠨ ᠡᠳᠦᠷ ᠦ᠋ᠳ ᠲᠦ ᢈᠦᠶᠢᠲᠡᠨ ᠦ᠋ ᠡᠷᠴᠢ ᠴᠢᠩᠭᠠᠷᠠᠵᠤ᠂ ᠬᠠᠯᠲᠤᠷᠢᠭ᠎ᠠ ᠭᠤᠯᠭᠤᠭ᠎ᠠ ᠨᠡᠮᠡᢉᠳᠡᠨ᠂ ᠵᠠᠷᠢᠮ ᠪᠦᠰᠡ ᠨᠤᠲᠤᠭ ᠢ᠋ᠶᠠᠷ ᠦᠵᠡᢉᠳᠡᢈᠦ ᠣᠷᠴᠢᠨ ᢈᠢᠵᠠᠭᠠᠷᠯᠠᠭᠳᠠᠬᠤ ᠵᠡᠷᢉᠡ ᠴᠠᠭ ᠠᠭᠠᠷ ᠤ᠋ᠨ ᢈᠦᠨᠳᠦᠷᠡᠯᠲᠡᠢ ᠨᠥᢈᠦᠴᠡᠯ ᠪᠠᠶᠢᠳᠠᠯ ᠡᢉᠦᠰᠴᠦ ᠪᠠᠶᠢᠨ᠎ᠠ᠃  

ᠴᠠᠭ ᠠᠭᠠᠷ ᠤ᠋ᠨ ᠠᠶᠤᠯᠲᠠᠢ ᠦᠵᠡᢉᠳᠡᠯ ᠦ᠋ᠨ ᠮᠡᠳᠡᢉᠡᠯᠡᠯ ᠢ᠋ 24 ᠴᠠᠭ ᠤ᠋ᠨ ᠡᠮᠦᠨ᠎ᠡ ᠮᠡᠳᠡᢉᠳᠡᢈᠦ ᠨᠢ ᠤᠴᠠᠷᠠᠵᠤ ᠪᠣᠯᠬᠤ ᠡᠷᠦᠰᠳᠡᠯ ᠬᠣᢈᠢᠷᠠᠯ ᠢ᠋ 30 ᠬᠤᠪᠢ ᠪᠠᠷ ᠪᠠᠭᠤᠷᠠᠭᠤᠯᠳᠠᠭ ᢉᠡᢈᠦ ᠰᠤᠳᠤᠯᠭ᠎ᠠ ᠪᠤᠢ᠃ᠨᠢ‍᠂ᠦ‍᠂ᠪᠠ‍ ᠊ ᠶ᠋ᠢᠨ ᠶᠡᠷᠦᠩᢈᠡᠢ ᠨᠠᠷᠢᠨ ᠪᠢᠴᠢᢉ ᠦ᠋ᠨ ᠳᠠᠷᠤᠭ᠎ᠠ ᠠᠨ᠋ᠲ᠋ᠣᠨᠢᠣ᠋ ᠭᠦᠲ᠋ᠧᠷᠷᠢᠱ 2027 ᠣᠨ ᠤ᠋ ᠡᠴᠦᠰ ᢉᠡᢈᠦ ᠳ᠋ᠦ ᠳᠡᠯᠡᢈᠡᠢ ᠶ᠋ᠢᠨ ᢈᠦᠮᠦᠨ ᠪᠦᠷᠢ ᠶ᠋ᠢ ᠠᠭᠤᠷ ᠠᠮᠢᠰᠬᠤᠯ᠂ᠤᠰᠤ᠂ ᠴᠠᠭ ᠠᠭᠠᠷ ᠤ᠋ᠨ ᠭᠠᠷᠤᠯᠲᠠᠢ ᠠᠶᠤᠯᠲᠤ ᠦᠵᠡᢉᠳᠡᠯ ᠡᠴᠡ ᠡᠷᠲᠡ ᠰᠡᠷᠡᠮᠵᠢᠯᠡᢉᠦᠯᢈᠦ ᠰᠢᠰᠲ᠋ᠧᠮ ᠢ᠋ᠶᠡᠷ ᠬᠠᠮᠠᠭᠠᠯᠠᠬᠤ ᠰᠠᠨᠠᠭᠠᠴᠢᠯᠭ᠎ᠠ ᠭᠠᠷᠭᠠᠵᠤ ᠵᠠᠷᠤᠳᠠᠯ ᠪᠠᠭᠠᠲᠠᠢ᠂ ᠨᠠᠶᠢᠳᠠᠪᠤᠷᠢᠲᠠᠢ ᠰᠢᠢᠳᠦᠯ ᠢ᠋ ᠤᠯᠤᠰ ᠣᠷᠤᠨ ᠪᠦᠷᠢ ᠪᠤᠢ ᠪᠣᠯᠭᠠᠬᠤ ᠶ᠋ᠢ ᠤᠷᠢᠶᠠᠯᠠᠭᠰᠠᠨ ᠶᠤᠮ᠃  

ᠡᠶᠢᠮᠦ ᠳ᠋ᠦ “ᠢ‍᠆ᠮᠣᠩᠭᠣᠯ ᠠᠻᠠᠳᠧᠮᠢ” ᠤᠲᠦᢉ ᠰᠡᠷᠡᠮᠵᠢᠯᠡᢉᠦᠯᢉᠡ ᠮᠡᠳᠡᢉᠡᠯᠡᠯ ᠢ᠋ ᠢᠷᢉᠡᠳ ᠲᠦ ᠪᠡᠨ ᠪᠣᠯᠤᠮᠵᠢᠲᠤ ᠪᠦᢈᠦ ᠰᠤᠪᠠᠭ ᠢ᠋ᠶᠠᠷ ᠰᠢᠭᠤᠷᠬᠠᠢ ᢈᠦᠷᢉᠡᢈᠦ ᠠᠵᠢᠯ ᠢ᠋ ᠦᠶ᠎ᠡ ᠱᠠᠲᠤᠲᠠᠢ ᢈᠡᠷᠡᢉᠵᠢᢉᠦᠯᠦᢉᠰᠡᢉᠡᠷ ᠪᠠᠶᠢᠨ᠎ᠠ᠃ᠢᠷᢉᠡᠳ ᠲᠠ ᠪᠦᢈᠦᠨ E-Mongolia ᠠᠫᠫᠯᠢᠻᠧᠶᠢᠱᠢᠨ᠋ ᠡᠴᠡ ᠴᠠᠭ ᠠᠭᠠᠷ ᠤ᠋ᠨ ᠮᠡᠳᠡᢉᠡᠯᠡᠯ ᠪᠣᠯᠤᠨ ᠦᠶᠡᠷ᠂ ᠤᠰᠤᠨ ᠤ᠋ ᠲᠦᠪᠰᠢᠨ ᠦ᠋ ᠮᠡᠳᠡᢉᠡᠯᠡᠯ ᠢ᠋ ᠬᠠᠷᠠᠬᠤ ᠪᠣᠯᠤᠮᠵᠢᠲᠠᠢ᠃  

ᠲᠣᠳᠤᠷᠠᠭᠤᠯᠪᠠᠯ: E-Mongolia ᠠᠫᠫᠯᠢᠻᠧᠶᠢᠱᠢᠨ᠋ ᠤ᠋ ᠨᠢᠭᠤᠷ ᢈᠡᠰᠡᢉ ᠡᠴᠡ ᠴᠠᠭ ᠠᠭᠠᠷ ᠤ᠋ᠨ 5 ᠬᠣᠨᠤᠭ ᠤ᠋ᠨ ᠤᠷᠢᠳᠴᠢᠯᠠᠭᠰᠠᠨ ᠮᠡᠳᠡᢉᠡ ᠪᠣᠯᠤᠨ ᠰᠠᠯᢈᠢᠨ ᠤ᠋ ᠬᠤᠷᠳᠤ᠂ᠰᠠᠯᢈᠢᠨ ᠤ᠋ ᠵᠦᢉ᠂ ᠠᠭᠠᠷ ᠢ᠋ ᠴᠢᢉᠢᢉᠰᠢᠯ᠂ ᠠᠭᠠᠷ ᠤ᠋ᠨ ᠳᠠᠷᠤᠯᠲᠠ᠂ ᠬᠤᠷ᠎ᠠ ᠲᠤᠨᠳᠠᠰᠤᠨ ᠤ᠋ ᠮᠡᠳᠡᢉᠡᠯᠡᠯ ᠦ᠋ᠳ ᠢ᠋ ᠠᠪᠬᠤ ᠠ᠋ᠴᠠ ᠭᠠᠳᠠᠨ᠎ᠠ ᠭᠣᠣᠯ ᠮᠥᠷᠡᠨ ᠦ᠋ ᠤᠰᠤᠨ ᠤ᠋ ᠲᠦᠪᠰᠢᠨ᠂ᠦᠶᠡᠷ ᠦ᠋ᠨ ᠲᠦᠪᠰᠢᠨ ᠳᠠᠪᠠᠭᠰᠠᠨ ᢈᠡᠮᠵᠢᠶ᠎ᠡ ᠶ᠋ᠢ ᠬᠠᠷᠠᠬᠤ ᠪᠣᠯᠤᠮᠵᠢᠲᠠᠢ ᠪᠥᢉᠡᠳ ᠴᠠᠭ ᠠᠭᠠᠷ ᠤ᠋ᠨ ᠠᠶᠤᠯᠲᠠᠢ ᠦᠵᠡᢉᠳᠡᠯ ᠦ᠋ᠨ ᠮᠡᠳᠡᢉᠡᠯᠡᠯ ᠢ᠋ ᠠᠪᠬᠤ ᠶᠤᠮ᠃  

ᠮᠥᠨ ᠤᠯᠤᠰ ᠤ᠋ᠨ ᠪᠣᠯᠤᠨ ᠣᠷᠤᠨ ᠨᠤᠲᠤᠭ ᠤ᠋ᠨ ᠴᠢᠨᠠᠷᠲᠠᠢ ᠬᠠᠲᠠᠭᠤ ᠬᠤᠴᠢᠯᠲᠠᠲᠠᠢ ᠠᠦ᠋ᠲ᠋ᠣ᠋ ᠵᠠᠮ ᠢ᠋ᠶᠠᠷ ᠵᠣᠷᠴᠢᠬᠤ ᠳ᠋ᠤ ᠪᠠᠨ ᠢᠷᢉᠡᠳ ᠠᠩᠬᠠᠷᠤᠯ ᠪᠣᠯᠭᠤᠮᠵᠢᠲᠠᠢ ᠪᠠᠶᠢᠬᠤ᠂ᠲᠡᢉᠡᢉᠡᠪᠦᠷᠢ ᠶ᠋ᠢᠨ ᢈᠡᠷᠡᢉᠰᠡᠯ ᠦ᠋ᠨ ᠲᠧᢈᠨᠢᠻ ᠦ᠋ᠨ ᠪᠦᠷᠢᠨ ᠪᠦᠲᠦᠨ ᠪᠠᠶᠢᠳᠠᠯ ᠢ᠋ ᠤᠷᠢᠳᠴᠢᠯᠠᠨ ᠰᠢᠯᠭᠠᠬᠤ᠂ ᠮᠥᠨ ᠴᠠᠭ ᠠᠭᠠᠷ ᠤ᠋ᠨ ᠤᠷᠢᠳᠴᠢᠯᠠᠭᠰᠠᠨ ᠮᠡᠳᠡᢉᠡ ᠶ᠋ᠢ ᠲᠣᠭᠲᠠᠮᠠᠯ ᠰᠣᠨᠤᠰᠴᠤ᠂ ᠵᠠᠮ ᠤ᠋ᠨ ᢈᠥᠳᠡᠯᢉᠡᢉᠡᠨ ᠳ᠋ᠦ ᠣᠷᠤᠯᠴᠠᠵᠤ ᠤᠴᠠᠷᠠᠵᠤ ᠪᠣᠯᠵᠤᠰᠢ ᠦᢉᠡᠢ ᠡᠷᠦᠰᠳᠡᠯ ᠡᠴᠡ ᠤᠷᠢᠳᠴᠢᠯᠠᠨ ᠰᠡᠷᢉᠡᠶᠢᠯᠡᢉᠡᠷᠡᠢ᠃  

ᠴᠠᢈᠢᠮ ᠢ᠋ᠶᠠᠷ ᠰᠢᠢᠳᠴᠦ ᠴᠠᠭ ᠢ᠋ᠶᠠᠨ ᢈᠡᠮᠨᠡᠶ᠎ᠡ E-Mongolia 

ᠨᠡᠶᠢᠲᠡᠯᠡᠭᠰᠡᠨ᠄