“E-BUSINESS” ᠰᠢᠰᠲ᠋ᠧᠮ ᠦ᠋ᠨ ᠮᠣᠪᠠᠶᠢᠯ ᠬᠤᠪᠢᠯᠪᠤᠷᠢ ᠲᠤᠩ ᠤᠳᠠᠬᠤ ᠦᢉᠡᠢ ᢈᠡᠷᠡᢉᠯᠡᢉᠡᠨ ᠳ᠋ᠦ ᠨᠡᠪᠲᠡᠷᠡᠨ᠎ᠡ


ᠪᠢᠽᠢᠨᠧᠰ ᠡᠷᢈᠢᠯᠡᢉᠴᠢᠳ᠂ ᠠᠵᠤ ᠠᠬᠤᠢ ᠶ᠋ᠢᠨ ᠨᠢᢉᠡᠴᠡ ᠨᠦ᠋ᢉᠦᠳ ᠲᠦ ᠵᠣᠷᠢᠭᠤᠯᠤᠭᠰᠠᠨ ᠲᠥᠷᠦ ᠶ᠋ᠢᠨ ᠦᠶᠢᠯᠡᠴᠢᠯᠡᢉᠡᠨ ᠦ᠋ ᠨᠢᢉᠡᠳᠦᢉᠰᠡᠨ “E-Business” ᠰᠢᠰᠲ᠋ᠧᠮ ᠰᠢᠨ᠎ᠡ ᠱᠠᠲᠤᠨ ᠳ᠋ᠤ ᠭᠠᠷᠴᠤ᠂ ᠮᠣᠪᠠᠶᠢᠯ ᠬᠤᠪᠢᠯᠪᠤᠷᠢ ᠪᠠᠨ ᠡᠨᠡ ᠣᠨ ᠤ᠋ 01 ᠳ᠋ᠦ᠋ᢉᠡᠷ ᠰᠠᠷ᠎ᠠ ᠶ᠋ᠢᠨ 30᠆ᠤ᠋ ᠡᠳᠦᠷ ᠠᠯᠪᠠᠨ ᠶᠣᠰᠤᠭᠠᠷ ᠨᠡᢉᠡᢉᠡᢈᠦ ᠪᠡᠷ ᠪᠡᠯᠡᠳᢈᠡᠵᠦ ᠪᠠᠶᠢᠨ᠎ᠠ᠃  

ᠡᠮᠦᠨ᠎ᠡ ᠨᠢ ᠵᠥᠪᢈᠡᠨ ᠸᠧᠪ ᠫᠣᠷᠲ᠋ᠠᠯ ᢈᠡᠯᠪᠡᠷᠢ ᠪᠡᠷ ᠠᠵᠢᠯᠯᠠᠵᠤ ᠪᠠᠶᠢᠭᠰᠠᠨ ᠤᠭ ᠰᠢᠰᠲ᠋ᠧᠮ ᠡᠶᠢᠨ ᢈᠦ ᠮᠣᠪᠠᠶᠢᠯ ᠠᠫᠫᠯᠢᠻᠧᠶᠢᠱᠢᠨ᠋ ᠲᠡᠢ ᠪᠣᠯᠵᠤ ᠰᠢᠨᠡᠴᠢᠯᠡᢉᠳᠡᢉᠰᠡᠨ ᠢ᠋ᠶᠡᠷ ᠲᠥᠷᠦ ᠶ᠋ᠢᠨ ᠦᠶᠢᠯᠡᠴᠢᠯᠡᢉᠡᠨ ᠦ᠋ ᢈᠦᠷᠲᠡᢉᠡᠮᠵᠢ᠂ ᠢᠯᠡ ᠲᠣᠳᠤ᠂ ᠰᠢᠭᠤᠷᠬᠠᠢ ᠪᠠᠶᠢᠳᠠᠯ ᠢ᠋ ᠨᠡᠮᠡᢉᠳᠡᢉᠦᠯᢈᠦ ᠴᠢᠬᠤᠯᠠ ᠰᠢᠨᠡᠴᠢᠯᠡᠯ ᠶᠤᠮ᠃ 

“E-Business” ᠫᠯᠠᠲ᠋ᠹᠣᠷᠮ ᠨᠢ ᠪᠢᠽᠢᠨᠧᠰ ᠡᠷᢈᠢᠯᠡᢉᠴᠢᠳ ᠲᠦ ᠵᠣᠷᠢᠭᠤᠯᠤᠭᠰᠠᠨ ᠲᠥᠷᠦ ᠶ᠋ᠢᠨ ᠪᠦᢈᠦ ᠦᠶᠢᠯᠡᠴᠢᠯᠡᢉᠡ ᠶ᠋ᠢ ᠨᠢᢉᠡ ᠴᠡᢉ ᠡᠴᠡ ᠠᠪᠬᠤ ᠪᠣᠯᠤᠮᠵᠢ ᠶ᠋ᠢ ᠪᠦᠷᠢᠳᠦᢉᠦᠯᠳᠡᢉ᠃ᠬᠠᠷᠢᠨ ᠮᠣᠪᠠᠶᠢᠯ ᠬᠤᠪᠢᠯᠪᠤᠷᠢ ᠨᠡᠪᠲᠡᠷᠡᢉᠰᠡᠨ ᠢ᠋ᠶᠡᠷ ᠳᠠᠷᠠᠭᠠᢈᠢ ᠰᠢᠨ᠎ᠡ ᠳᠠᠪᠠᠭᠤ ᠲᠠᠯ᠎ᠠ ᠨᠤᠭᠤᠳ ᠪᠤᠢ ᠪᠣᠯᠵᠤ ᠪᠠᠶᠢᠨ᠎ᠠ᠃ᠡᢉᠦᠨ ᠳ᠋ᠦ: 

  • ᠲᠥᠷᠦ ᠶ᠋ᠢᠨ ᠦᠶᠢᠯᠡᠴᠢᠯᠡᢉᠡ ᠶ᠋ᠢ ᠬᠠᠮᠢᠭ᠎ᠠ ᠠ᠋ᠴᠠ ᠴᠤ᠂ ᢈᠡᠵᠢᠶ᠎ᠡ ᠴᠦ ᠭᠠᠷ ᠤᠲᠠᠰᠤ ᠪᠠᠷ ᠢ᠋ᠶᠠᠨ ᠠᠪᠬᠤ 
  • ᠦᠶᠢᠯᠡᠴᠢᠯᠡᢉᠡᠨ ᠦ᠋ ᠶᠠᠪᠤᠴᠠ᠂ ᠲᠥᠯᠦᠪᠦᠷᠢ ᠲᠣᠭᠠᠴᠠᠭ᠎ᠠ᠂ ᠮᠡᠳᠡᢉᠳᠡᠯ ᠢ᠋ ᠪᠣᠳᠠᠲᠤ ᠴᠠᠭ ᠤ᠋ᠨ ᠭᠣᠷᠢᠮ ᠢ᠋ᠶᠠᠷ ᢈᠢᠨᠠᠬᠤ 
  • ᠰᠢᠰᠲ᠋ᠧᠮ ᠡᠴᠡ ᠣᠯᠭᠤᠭᠰᠠᠨ ᠯᠠᠪᠯᠠᠭ᠎ᠠ᠂ ᠲᠣᠳᠤᠷᠬᠠᠶᠢᠯᠠᠯᠲᠠ ᠶ᠋ᠢ QR ᠻᠣᠳ᠋ ᠢ᠋ᠶᠠᠷ ᠪᠠᠲᠤᠯᠠᠭᠠᠵᠢᠭᠤᠯᠬᠤ 
  • ᠬᠠᠤᠯᠢ ᠶ᠋ᠢᠨ ᠡᠲᠡᢉᠡᠳ ᠦ᠋ᠨ ᠴᠠᢈᠢᠮ ᢉᠡᠷᠡᠴᠢᠯᠡᢉᠡ᠂ ᠳᠦᠷᠢᠮ ᠦ᠋ᠨ ᠬᠠᠭᠤᠯᠪᠤᠷᠢ ᠶ᠋ᠢ ᠰᠢᠭᠤᠳ ᠲᠠᠲᠠᠨ ᠠᠪᠬᠤ 

ᠡᠳᠡᢉᠡᠷ ᠪᠣᠯᠤᠮᠵᠢ ᠨᠢ ᠪᠢᠽᠢᠨᠧᠰ ᠡᢈᠢᠯᠡᢉᠦᠯᢈᠦ ᠪᠣᠯᠤᠨ ᠦᠶᠢᠯᠡ ᠠᠵᠢᠯᠯᠠᠭ᠎ᠠ ᠶᠠᠪᠤᠭᠤᠯᠬᠤ ᠳ᠋ᠤ ᠵᠠᠷᠤᠴᠠᠭᠤᠯᠳᠠᠭ ᠴᠠᠭ ᠬᠤᠭᠤᠴᠠᠭ᠎ᠠ᠂ ᠵᠠᠷᠤᠳᠠᠯ ᠢ᠋ ᠪᠣᠳᠠᠲᠤ ᠪᠠᠷ ᠪᠠᠭᠤᠷᠠᠭᠤᠯᠬᠤ ᠴᠢᠬᠤᠯᠠ ᠠᠯᠬᠤᠮ ᠪᠣᠯᠵᠤ ᠪᠠᠶᠢᠨ᠎ᠠ᠃E-Business ᠫᠯᠠᠲ᠋ᠹᠣᠷᠮ ᠨᠡᢉᠡᢉᠡᢉᠳᠡᢉᠰᠡᠨ ᠡᠴᠡ ᠬᠣᠶᠢᠰᠢ ᠥᠨᠦᠳᠦᠷ ᠦ᠋ᠨ ᠪᠠᠶᠢᠳᠠᠯ ᠢ᠋ᠶᠠᠷ 186᠂000 ᠣᠷᠴᠢᠮ ᢈᠡᠷᠡᢉᠯᠡᢉᠴᠢ ᠰᠢᠰᠲ᠋ᠧᠮ ᠢ᠋ ᠡᠳᠦᠷ ᠲᠤᠲᠤᠮ ᠤ᠋ᠨ ᠦᠶᠢᠯᠡ ᠠᠵᠢᠯᠯᠠᠭᠠᠨ ᠳ᠋ᠤ ᠪᠠᠨ ᠠᠰᠢᠭᠯᠠᠵᠤ ᠪᠠᠶᠢᠭ᠎ᠠ ᠨᠢ ᠲᠤᠰ ᠰᠢᠰᠲ᠋ᠧᠮ ᠦ᠋ᠨ ᢈᠡᠷᠡᢉᠴᠡᢉᠡ᠂ ᠦᠷ᠎ᠡ ᠥᢉᢉᠦᢉᠡᠵᠢ ᠶ᠋ᠢ ᠪᠣᠳᠠᠲᠤ ᠪᠠᠷ ᠬᠠᠷᠠᠭᠤᠯᠵᠤ ᠪᠠᠶᠢᠨ᠎ᠠ᠃  

ᠲᠡᢉᠦᠨᠴᠢᠯᠡᠨ E-Business ᠰᠢᠰᠲ᠋ᠧᠮ ᠨᠢ ᠠᠵᠤ ᠠᠬᠤᠢ ᠶ᠋ᠢᠨ ᠨᠢᢉᠡᠴᠡ ᠰᠢᠨ᠎ᠡ ᠪᠡᠷ ᠪᠠᠶᠢᠭᠤᠯᠬᠤ ᠦᠶᠢᠯᠡ ᠶᠠᠪᠤᠴᠠ ᠶ᠋ᠢ ᢈᠢᠯᠪᠠᠷᠰᠢᠭᠤᠯᠬᠤ᠂ᠲᠥᠷᠦ ᠪᠢᠽᠢᠨᠧᠰ ᠦ᠋ᠨ ᠬᠠᠷᠢᠯᠴᠠᠭ᠎ᠠ ᠶ᠋ᠢ ᠴᠠᢈᠢᠮᠵᠢᠭᠤᠯᠬᠤ᠂ ᠢᠯᠡ ᠲᠣᠳᠤ ᠪᠠᠶᠢᠳᠠᠯ ᠢ᠋ ᠨᠡᠮᠡᢉᠳᠡᢉᠦᠯᢈᠦ ᠵᠠᠮ ᠢ᠋ᠶᠠᠷ ᠠᠯᠪᠠᠨ ᠪᠤᠰᠤ ᠡᠳ᠋ ᠦ᠋ᠨ ᠵᠠᠰᠠᠭ ᠢ᠋ ᠬᠤᠮᠢᠬᠤ᠂ ᠲᠠᠲᠠᠪᠤᠷᠢ ᠶ᠋ᠢᠨ ᠪᠠᠭᠠᠵᠠ ᠰᠠᠭᠤᠷᠢ ᠶ᠋ᠢ ᠥᠷᢉᠡᠵᠢᢉᠦᠯᢈᠦ ᠪᠣᠳᠤᠯᠭ᠎ᠠ ᠶ᠋ᠢᠨ ᠠᠴᠢ ᠬᠣᠯᠪᠤᠭᠳᠠᠯᠲᠠᠢ ᠶᠤᠮ᠃ 

ᠪᠢᠽᠢᠨᠧᠰ ᠡᠷᢈᠢᠯᠡᢉᠴᠢᠳ ᠥᠪᠡᠷ ᠦ᠋ᠨ ᠻᠣᠮᠫᠠᠨᠢ ᠲᠠᠢ ᠬᠣᠯᠪᠤᠭᠠᠲᠠᠢ ᠲᠥᠷᠦ ᠳ᠋ᠦ ᠪᠦᠷᠢᠳᢈᠡᠯᠲᠡᠢ ᠮᠡᠳᠡᢉᠡᠯᠡᠯ᠂ᠵᠥᠪᠰᠢᠶᠡᠷᠡᠯ᠂ ᠯᠠᠪᠯᠠᠭ᠎ᠠ ᠶ᠋ᠢ ᠨᠢᢉᠡ ᠰᠢᠰᠲ᠋ᠧᠮ ᠡᠴᠡ ᠰᠢᠭᠤᠷᠬᠠᠢ ᠠᠪᠬᠤ ᠪᠣᠯᠤᠮᠵᠢ ᠪᠦᠷᠢᠳᠴᠦ ᠪᠠᠶᠢᠭ᠎ᠠ ᠨᠢ ᠵᠢᠵᠢᢉ᠂ ᠳᠤᠮᠳᠠ ᠪᠢᠽᠢᠨᠧᠰ ᠢ᠋ ᠪᠣᠳᠠᠲᠤ ᠪᠠᠷ ᠳᠡᠮᠵᠢᢉᠰᠡᠨ ᠴᠢᠬᠤᠯᠠ ᠰᠢᠨᠡᠴᠢᠯᠡᠯ ᠪᠣᠯᠵᠤ ᠪᠠᠶᠢᠨ᠎ᠠ᠃ᠡᠨᠡ ᠨᠢ ᠲᠥᠷᠦ ᠶ᠋ᠢᠨ ᠦᠶᠢᠯᠡᠴᠢᠯᠡᢉᠡ ᠶ᠋ᠢ ᠢᠷᢉᠡᠨ ᠳ᠋ᠦ ᠣᠶᠢᠷᠠᠳᠤᠭᠤᠯᠵᠤ᠂ ᠪᠢᠽᠢᠨᠧᠰ ᠡᠷᢈᠢᠯᠡᢉᠴᠢᠳ ᠲᠦ ᠡᢉᠡᠯᠢᠲᠡᠢ᠂ ᢈᠢᠯᠪᠠᠷ᠂ ᠢᠯᠡ ᠲᠣᠳᠤ ᠡᠻᠣᠰᠢᠰᠲ᠋ᠧᠮ ᠪᠦᠷᠢᠯᠳᠦᢈᠦ ᠳ᠋ᠦ ᠴᠢᠬᠤᠯᠠ ᠲᠦᠯᢈᠢᠴᠡ ᠪᠣᠯᠤᠨ᠎ᠠ ᢉᠡᠵᠦ ᠰᠠᠯᠪᠤᠷᠢ ᠶ᠋ᠢᠨ ᢈᠢᠨ ᠦᠵᠡᠵᠦ ᠪᠠᠶᠢᠨ᠎ᠠ᠃ 

ᠨᠡᠶᠢᠲᠡᠯᠡᠭᠰᠡᠨ᠄