ᠲᠠ ᢈᠡᠦᢈᠡᠳ ᠦ᠋ᠨ ᠢ᠋ᠶᠡᠨ ᠳᠠᠷᠬᠠᠯᠠᠭᠠᠵᠢᠭᠤᠯᠤᠯᠲᠠ ᠪᠦᠷᠢᠨ ᢈᠢᢉᠳᠡᢉᠰᠡᠨ ᠡᠰᠡᢈᠦ ᠶ᠋ᠢ E-MONGOLIA ᠰᠢᠰᠲ᠋ᠧᠮ ᠢ᠋ᠶᠡᠷ ᠰᠢᠯᠭᠠᠬᠤ ᠪᠣᠯᠤᠮᠵᠢᠲᠠᠢ 


ᢈᠦᠶᠢᠲᠡᠨ ᠰᠡᠷᠢᢉᠦᠨ ᠦ᠋ ᠤᠯᠠᠷᠢᠯ ᠢ᠋ ᠳᠠᠭᠠᠭᠠᠳ ᠬᠠᠨᠢᠶᠠᠳᠤ ᠲᠣᠮᠤᠭᠤᠨ ᠤ᠋ ᠳᠡᢉᠳᠡᠯᠲᠡ ᠨᠡᠮᠡᢉᠳᠡᠳᠡᢉ᠃ᠡᢉᠦᠨ ᠡᠴᠡ ᠡᢉᠦᠳᠦᠨ ᠡᠮᠨᠡᠯᢉᠡ ᠶ᠋ᠢᠨ ᠠᠴᠢᠶᠠᠯᠠᠯ ᠨᠡᠮᠡᢉᠳᠡᢈᠦ ᠡᠴᠡ ᠡᢈᠢᠯᠡᢉᠡᠳ ᠭᠠᠷᠬᠤ ᢈᠦᠨᠳᠦᠷᠡᠯ ᠦ᠋ᠳ ᠶᠡᢈᠡ᠃ᠡᢉᠦᠨ ᠦ᠋ ᠨᠢᢉᠡ ᠵᠢᠱᠢᠶ᠎ᠡ ᠪᠣᠯ ᠤᠯᠠᠭᠠᠨᠪᠤᠷᠬᠠᠨ᠂ ᠤᠯᠠᠭᠠᠨ ᠨᠤᠭᠤᠳ ᠡᠪᠡᠳᠴᠢᠨ ᠶᠤᠮ᠃ᠡ‍᠂ᠮᠡ‍᠂ᠶᠠ‍ ᠊ ᠤ᠋ ᠥᢉᠴᠦ ᠪᠤᠢ ᠮᠡᠳᠡᢉᠡᠯᠡᠯ ᠢ᠋ᠶᠡᠷ ᠡᠳᠦᠷ ᠪᠦᠷᠢ ᠰᠢᠨ᠎ᠡ ᠪᠡᠷ ᠭᠠᠷᠴᠤ ᠪᠤᠢ ᠪᠠᠲᠤᠯᠠᠭᠳᠠᠭᠰᠠᠨ ᠲᠣᢈᠢᠶᠠᠯᠳᠤᠯ ᠤ᠋ᠨ ᠲᠣᠭ᠎ᠠ ᠨᠡᠮᠡᢉᠳᠡᢉᠰᠡᢉᠡᠷ ᠪᠠᠶᠢᠨ᠎ᠠ᠃ 

2026 ᠣᠨ ᠤ᠋ ᠨᠢᢉᠡᠳᠦᢉᠡᠷ ᠰᠠᠷ᠎ᠠ ᠶ᠋ᠢᠨ 27᠆ᠤ᠋ ᠡᠳᠦᠷ ᠦ᠋ᠨ ᠪᠠᠶᠢᠳᠠᠯ ᠢ᠋ᠶᠠᠷ ᠤᠯᠠᠭᠠᠨᠪᠤᠷᠬᠠᠨ ᠡᠪᠡᠳᠴᠢᠨ ᠦ᠋ ᠯᠠᠪᠣᠷᠠᠲ᠋ᠣᠷᠢ ᠪᠠᠷ ᠪᠠᠲᠤᠯᠠᠭᠳᠠᠭᠰᠠᠨ ᠲᠣᢈᠢᠶᠠᠯᠳᠤᠯ 13᠂989 ᠪᠣᠯᠤᠯ᠎ᠠ᠃ᠡᢉᠦᠨ ᠡᠴᠡ:  

  • ᠤᠯᠠᠭᠠᠨᠪᠠᠭᠠᠲᠤᠷ ᠬᠣᠲᠠ ᠳ᠋ᠤ᠆11᠂455 
  • ᠣᠷᠤᠨ ᠨᠤᠲᠤᠭ ᠲᠤ᠆2529 
  • ᠵᠥᢉᠡᢉᠡᠪᠦᠷᠢᠯᠡᢉᠳᠡᢉᠰᠡᠨ ᠆5 ᠲᠣᢈᠢᠶᠠᠯᠳᠤᠯ ᠪᠦᠷᠢᠳᢈᠡᢉᠳᠡᠵᠡᠢ᠃ 

ᠮᠥᠨ ᠡᠮᠨᠡᠯᢉᠡ ᠳ᠋ᠦ 56 ᢈᠦᠮᠦᠨ ᠡᠮᠴᠢᠯᠡᢉᠦᠯᠵᠦ ᠪᠠᠶᠢᠭ᠎ᠠ ᠠ᠋ᠴᠠ ᠨᠡᠶᠢᠰᠯᠡᠯ ᠳ᠋ᠦ 28 ᢈᠦᠮᠦᠨ᠂ ᠣᠷᠤᠨ ᠨᠤᠲᠤᠭ ᠲᠤ 28 ᢈᠦᠮᠦᠨ ᠡᠮᠨᠡᠯᢉᠡ ᠶ᠋ᠢᠨ ᢈᠢᠨᠠᠯᠲᠠ ᠳ᠋ᠤ᠂ ᢉᠡᠷ ᠦ᠋ᠨ ᢈᠢᠨᠠᠯᠲᠠ ᠳ᠋ᠤ 4 ᢈᠦᠮᠦᠨ ᠪᠠᠶᠢᠨ᠎ᠠ᠃  

ᠡᢉᠦᠨ ᠲᠡᠢ ᠬᠣᠯᠪᠤᠭᠳᠠᠭᠤᠯᠤᠨ ᠤᠯᠠᠭᠠᠨᠪᠤᠷᠬᠠᠨ᠂ ᠤᠯᠠᠭᠠᠨ ᠨᠤᠭᠤᠳ ᠡᠪᠡᠳᠴᠢᠨ ᠦ᠋ ᠡᠰᠡᠷᢉᠦ ᠨᠡᠮᠡᠯᠲᠡ ᠳᠠᠷᠬᠠᠯᠠᠭᠠᠵᠢᠭᠤᠯᠤᠯᠲᠠ ᢈᠢᢉᠳᠡᠵᠦ ᠪᠠᠶᠢᠨ᠎ᠠ᠃ 

ᢈᠡᠷᠪᠡ ᠲᠠᠨ ᠤ᠋ ᢈᠡᠦᢈᠡᠳ 10᠆15 ᠨᠠᠰᠤᠲᠠᠢ ᠪᠤᠶᠤ 2011᠂01᠂01 – 2016᠂12᠂31 ᠬᠣᠭᠤᠷᠤᠨᠳᠤ ᠲᠥᠷᠦᢉᠰᠡᠨ ᠪᠣᠯ ᠨᠡᠮᠡᠯᠲᠡ ᠳᠠᠷᠬᠠᠯᠠᠭᠠᠵᠢᠭᠤᠯᠤᠯᠲᠠ ᠳ᠋ᠤ ᠵᠠᠪᠠᠯ ᠬᠠᠮᠤᠷᠤᠭᠤᠯᠬᠤ ᠶ᠋ᠢ ᠵᠥᠪᠯᠡᠵᠦ ᠪᠠᠶᠢᠨ᠎ᠠ᠃ᠤᠴᠢᠷ ᠨᠢ ᠡᠨᠡ ᠨᠠᠰᠤᠨ ᠤ᠋ ᢈᠡᠦᢈᠡᠳ ᠦ᠋ᠳ ᠦ᠋ᠨ ᠳᠤᠮᠳᠠ ᠡᠪᠡᠳᠴᠢᠯᠡᠯ ᠨᠡᠮᠡᢉᠳᠡᠵᠦ᠂ ᠡᠪᠡᠳᠴᠢᠨ ᢈᠦᠨᠳᠦᠷᠡᢈᠦ᠂ ᠠᠮᠢ ᠨᠠᠰᠤᠨ ᠳ᠋ᠤ ᠠᠶᠤᠯ ᠤᠴᠠᠷᠠᠭᠤᠯᠬᠤ ᠡᠷᠦᠰᠳᠡᠯ ᠥᠨᠳᠦᠷ ᠪᠠᠶᠢᠨ᠎ᠠ᠃ 

ᠳᠠᠷᠬᠠᠯᠠᠭᠠᠵᠢᠭᠤᠯᠤᠯᠲᠠ ᢈᠢᢈᠦ ᠬᠤᠭᠤᠴᠠᠭ᠎ᠠ: 

2026 ᠣᠨ ᠤ᠋ 01 ᠳ᠋ᠦ᠋ᢉᠡᠷ ᠰᠠᠷ᠎ᠠ ᠶ᠋ᠢᠨ 26᠆ᠠ᠋ᠴᠠ 2026 ᠣᠨ ᠤ᠋ 02 ᠳ᠋ᠤᠭᠠᠷ ᠰᠠᠷ᠎ᠠ ᠶ᠋ᠢᠨ 06 ᢈᠦᠷᠲᠡᠯ᠎ᠡ ᠶᠠᠪᠤᠭᠳᠠᠨ᠎ᠠ᠃ 

0–18 ᠨᠠᠰᠤᠨ ᠤ᠋ ᢈᠡᠦᢈᠡᠳᠲᠡᠢ ᠡᠴᠢᢉᠡ ᠡᢈᠡ᠂ ᠠᠰᠠᠷᠠᠨ ᠬᠠᠮᠠᠭᠠᠯᠠᠭᠴᠢ ᠲᠠ ᢈᠡᠦᢈᠡᠳ ᠦ᠋ᠨ ᠢ᠋ᠶᠡᠨ ᠳᠠᠷᠬᠠᠯᠠᠭᠠᠵᠢᠭᠤᠯᠤᠯᠲᠠ ᠪᠦᠷᠢᠨ ᢈᠢᢉᠳᠡᢉᠰᠡᠨ ᠡᠰᠡᢈᠦ ᠶ᠋ᠢ E-Mongolia ᠰᠢᠰᠲ᠋ᠧᠮ ᠢ᠋ᠶᠡᠷ ᠰᠢᠯᠭᠠᠬᠤ ᠪᠣᠯᠤᠮᠵᠢᠲᠠᠢ᠃ᠰᠢᠯᠭᠠᠬᠤ ᠵᠢᠭᠠᠪᠤᠷᠢ: 

  1. E-Mongolia᠆ᠳ᠋ᠦ ᠨᠡᠪᠲᠡᠷᠡᢈᠦ 
  2. “ᠦᠶᠢᠯᠡᠴᠢᠯᠡᢉᠡ ᠬᠠᠶᠢᠬᠤ” ᢈᠡᠰᠡᢉ ᠲᠦ “ᠳᠠᠷᠬᠠᠯᠠᠭᠠᠵᠢᠭᠤᠯᠤᠯᠲᠠ ᠶ᠋ᠢᠨ ᠮᠡᠳᠡᢉᠡᠯᠡᠯ” ᢉᠡᠵᠦ ᠪᠢᠴᠢᢈᠦ 
  3. ᢈᠡᠦᢈᠡᠳ ᠦ᠋ᠨ ᠢ᠋ᠶᠡᠨ ᠸᠠᠻᠼᠢᠨ᠋ ᠤ᠋ ᠮᠡᠳᠡᢉᠡᠯᠡᠯ ᠢ᠋ ᠰᠢᠯᠭᠠᠵᠤ᠂ PDF ᢈᠡᠯᠪᠡᠷᠢ ᠪᠡᠷ ᠲᠠᠲᠠᠨ ᠠᠪᠬᠤ ᠪᠣᠯᠤᠮᠵᠢᠲᠠᠢ᠃ 

ᠵᠢᠴᠢ: 2018 ᠣᠨ ᠠ᠋ᠴᠠ ᠬᠣᠶᠢᠰᠢᢈᠢ ᠳᠠᠷᠬᠠᠯᠠᠭᠠᠵᠢᠭᠤᠯᠤᠯᠲᠠ ᠶ᠋ᠢᠨ ᠮᠡᠳᠡᢉᠡᠯᠡᠯ ᠲᠤᠰ ᠰᠢᠰᠲ᠋ᠧᠮ ᠳ᠋ᠦ ᠬᠠᠷᠠᠭᠳᠠᠨ᠎ᠠ᠃ 

ᠬᠠᠶᠢᠷᠠᠲᠠᠢ ᠦᠷᠡᠰ ᠢ᠋ᠶᠡᠨ ᠬᠠᠯᠳᠠᠪᠤᠷᠢ ᠠ᠋ᠴᠠ ᠬᠠᠮᠠᠭᠠᠯᠠᠶ᠎ᠠ! 

ᠨᠡᠮᠡᠯᠲᠡ ᠳᠠᠷᠬᠠᠯᠠᠭᠠᠵᠢᠭᠤᠯᠤᠯᠲᠠ ᠳ᠋ᠤ ᠢᠳᠡᠪᢈᠢᠲᠡᠢ ᠬᠠᠮᠤᠷᠤᠭᠳᠠᠭᠠᠷᠠᠢ᠃ 

ᠨᠡᠶᠢᠲᠡᠯᠡᠭᠰᠡᠨ᠄