E-MONGOLIA ᠰᠢᠰᠲ᠋ᠧᠮ ᠢ᠋ᠶᠡᠷ ᠳᠠᠮᠵᠢᠭᠤᠯᠤᠨ «ᠨᠠᠰᠤᠨ ᠤ᠋ ᢈᠡᠰᠢᢉ» ᠦᠶᠢᠯᠡᠴᠢᠯᠡᢉᠡᠨ ᠦ᠋ ᠰᠢᠨ᠎ᠡ ᠡᢉᠡᠯᠵᠢ ᠶ᠋ᠢᠨ ᠪᠦᠷᠢᠳᢈᠡᠯ ᠳ᠋ᠦ ᠪᠡᠨ ᠬᠠᠮᠤᠷᠤᠭᠳᠠᠭᠠᠷᠠᠢ 


ᠮᠣᠩᠭᠣᠯ ᠤᠯᠤᠰ ᠤ᠋ᠨ ᠵᠠᠰᠠᠭ ᠤ᠋ᠨ ᠭᠠᠵᠠᠷ ᠠ᠋ᠴᠠ ᠠᠬᠠᠮᠠᠳ ᠨᠠᠰᠤᠲᠠᠨ ᠨᠤᠭᠤᠳ ᠤ᠋ᠨ ᠨᠡᠶᠢᢉᠡᠮ ᠦ᠋ᠨ ᠪᠠᠲᠤᠯᠠᠭ᠎ᠠ ᠶ᠋ᠢ ᠬᠠᠩᠭᠠᠬᠤ ᠵᠣᠷᠢᠯᠭ᠎ᠠ ᠪᠠᠷ ᠣᠯᠭᠤᠳᠠᠭ 65 ᠨᠠᠰᠤ ᢈᠦᠷᠦᢉᠰᠡᠨ ᠠᠬᠠᠮᠠᠳ ᠨᠠᠰᠤᠲᠠᠨ ᠤ᠋ «ᠨᠠᠰᠤᠨ ᠤ᠋ ᢈᠡᠰᠢᢉ» ᠦᠶᠢᠯᠡᠴᠢᠯᠡᢉᠡᠨ ᠦ᠋ ᠰᠢᠨ᠎ᠡ ᠡᢉᠡᠯᠵᠢ ᠶ᠋ᠢᠨ ᠪᠦᠷᠢᠳᢈᠡᠯ ᠡᢈᠢᠯᠡᠯ᠎ᠡ᠃  

ᠠᠬᠠᠮᠠᠳ ᠨᠠᠰᠤᠲᠠᠨ ᠤ᠋ ᠲᠤᠬᠠᠢ ᠬᠠᠤᠯᠢ ᠳ᠋ᠤ ᠵᠢᠭᠠᠭᠰᠠᠨ ᠢ᠋ᠶᠠᠷ 65 ᠪᠣᠯᠤᠨ ᠲᠡᢉᠦᠨ ᠡᠴᠡ ᠳᠡᢉᠡᢉᠰᠢ ᠨᠠᠰᠤᠲᠠᠢ ᠠᠬᠠᠮᠠᠳ ᠨᠠᠰᠤᠲᠠᠨ ᠳ᠋ᠤ ᠴᠠᠭᠠᠨ ᠰᠠᠷ᠎ᠠ ᠪᠣᠯᠤᠨ ᠦᠨᠳᠦᠰᠦᠨ ᠦ᠋ ᠶᠡᢈᠡ ᠪᠠᠶᠠᠷ ᠨᠠᠭᠠᠳᠤᠮ᠂ᠠᠷᠠᠳ ᠤ᠋ᠨ ᠬᠤᠪᠢᠰᠬᠠᠯ ᠤ᠋ᠨ ᠣᠢ ᠶ᠋ᠢᠨ ᠪᠠᠶᠠᠷ ᠢ᠋ ᠲᠣᢈᠢᠶᠠᠯᠳᠤᠭᠤᠯᠤᠨ ᠵᠢᠯ ᠪᠦᠷᠢ ᠤᠯᠤᠰ ᠤ᠋ᠨ ᠲᠥᠰᠦᠪ ᠡᠴᠡ ᠰᠠᠩᢈᠦᠵᠢᢉᠦᠯᠦᠨ ᠨᠠᠰᠤᠨ ᠠ᠋ᠴᠠ ᠨᠢ ᠬᠠᠮᠢᠶᠠᠷᠤᠭᠤᠯᠤᠨ ᠨᠠᠰᠤᠨ ᠤ᠋ ᢈᠡᠰᠢᢉ ᠣᠯᠭᠤᠳᠠᠭ ᠪᠥᢉᠡᠳ ᠲᠡᠳᢈᠦᠮᠵᠢ ᠶ᠋ᠢᠨ ᢈᠡᠮᠵᠢᠶ᠎ᠡ᠂ ᠣᠯᠭᠤᠬᠤ ᠵᠢᠷᠤᠮ ᠢ᠋ ᠵᠠᠰᠠᠭ ᠤ᠋ᠨ ᠭᠠᠵᠠᠷ ᠪᠠᠲᠤᠯᠠᠳᠠᠭ᠃ 

2025 ᠣᠨ ᠤ᠋ ᠪᠠᠶᠢᠳᠠᠯ ᠢ᠋ᠶᠠᠷ ᠮᠣᠩᠭᠣᠯ ᠤᠯᠤᠰ ᠲᠤ 65᠆ᠠ᠋ᠴᠠ ᠳᠡᢉᠡᢉᠰᠢ ᠨᠠᠰᠤᠨ ᠤ᠋ 190 ᠭᠠᠷᠤᠢ ᠮᠢᠩᠭᠠᠨ ᠠᠬᠠᠮᠠᠳ ᠨᠠᠰᠤᠲᠠᠨ ᠪᠠᠶᠢᠭ᠎ᠠ ᢉᠡᢈᠦ ᠰᠤᠳᠤᠯᠭ᠎ᠠ ᠪᠤᠢ᠃ᠡᠳᠡᢉᠡᠷ ᠠᠬᠠᠮᠠᠳ ᠨᠠᠰᠤᠲᠠᠨ ᠨᠤᠭᠤᠳ ᠲᠤ ᠨᠠᠰᠤᠨ ᠠ᠋ᠴᠠ ᠨᠢ ᠬᠠᠮᠢᠶᠠᠷᠤᠨ 65–69 ᠨᠠᠰᠤᠲᠠᠢ ᠳ᠋ᠤ 50᠂000 ᠲᠥᢉᠦᠷᠢᢉ᠂ 70–79 ᠨᠠᠰᠤᠲᠠᠢ ᠳ᠋ᠤ 80᠂000 ᠲᠥᢉᠦᠷᠢᢉ᠂ 80–89 ᠨᠠᠰᠤᠲᠠᠢ ᠳ᠋ᠤ 150᠂000 ᠲᠥᢉᠦᠷᠢᢉ᠂ 90 ᠪᠠ ᠲᠡᢉᠦᠨ ᠡᠴᠡ ᠳᠡᢉᠡᢉᠰᠢ ᠨᠠᠰᠤᠲᠠᠢ ᠳ᠋ᠤ 250᠂000 ᠲᠥᢉᠦᠷᠢᢉ ᠦ᠋ᠨ ᠨᠠᠰᠤᠨ ᠤ᠋ ᢈᠡᠰᠢᢉ ᠣᠯᠭᠤᠳᠠᠭ ᠵᠢᠷᠤᠮᠲᠠᠢ᠃ 

︽ᠨᠠᠰᠤᠨ ᠤ᠋ ᢈᠡᠰᠢᢉ︾ ᠲᠡᠳᢈᠦᠮᠵᠢ ᠶ᠋ᠢ 2017 ᠣᠨ ᠤ᠋ ᠨᠢᢉᠡᠳᠦᢉᠡᠷ ᠰᠠᠷ᠎ᠠ ᠶ᠋ᠢᠨ 01᠆ᠡᠴᠡ ᠣᠯᠭᠤᠵᠤ ᠡᢈᠢᠯᠡᢉᠰᠡᠨ ᠪᠥᢉᠡᠳ ᠲᠤᠰ ᠲᠡᠳᢈᠦᠮᠵᠢ ᠳ᠋ᠦ ᠠᠩᠬ᠎ᠠ ᠤᠳᠠᠭ᠎ᠠ ᠬᠠᠮᠤᠷᠤᠭᠳᠠᠬᠤ ᢉᠡᠵᠦ ᠪᠠᠶᠢᠭ᠎ᠠ ᠪᠣᠯᠤᠨ ᠡᠮᠦᠨ᠎ᠡ ᠨᠢ ᠬᠠᠮᠤᠷᠤᠭᠳᠠᠵᠤ ᠪᠠᠶᠢᠭ᠎ᠠ ᠦᢉᠡᠢ ᠢᠷᢉᠡᠳ E-Mongolia ᠰᠢᠰᠲ᠋ᠧᠮ ᠢ᠋ᠶᠡᠷ ᠳᠠᠮᠵᠢᠭᠤᠯᠤᠨ ᢈᠦᠰᠡᠯᠲᠡ ᠪᠡᠨ ᠴᠠᢈᠢᠮ ᠢ᠋ᠶᠠᠷ ᠢᠯᠡᢉᠡᢈᠦ ᠪᠣᠯᠤᠮᠵᠢᠲᠠᠢ᠃  

“ᠨᠠᠰᠤᠨ ᠤ᠋ ᢈᠡᠰᠢᢉ” ᠦᠶᠢᠯᠡᠴᠢᠯᠡᢉᠡᠨ ᠦ᠋ ᢈᠦᠰᠡᠯᠲᠡ ᠶ᠋ᠢ ᢈᠡᠷᢈᠢᠨ ᠢᠯᠡᢉᠡᢈᠦ ᠪᠤᠢ? 

  • ᠲᠠ ᠥᠪᠡᠷ ᠦ᠋ᠨ ᠪᠦᠷᠢᠳᢈᠡᠯ ᠢ᠋ᠶᠡᠷ ᠢ᠋ᠶᠡᠨ E-Mongolia ᠰᠢᠰᠲ᠋ᠧᠮ ᠤᠷᠤᠭᠤ ᠨᠡᠪᠲᠡᠷᠡᠨ᠎ᠡ᠃  
  • ᠦᠶᠢᠯᠡᠴᠢᠯᠡᢉᠡ ᠬᠠᠶᠢᠬᠤ ᢈᠡᠰᠡᢉ ᠲᠦ “ᠨᠠᠰᠤᠨ ᠤ᠋ ᢈᠡᠰᠢᢉ” ᠦᠶᠢᠯᠡᠴᠢᠯᠡᢉᠡ ᠶ᠋ᠢ ᠰᠣᠩᠭᠤᠨ᠎ᠠ᠃ 
  • ᠦᠶᠢᠯᠡᠴᠢᠯᠡᢉᠡ ᠠᠪᠬᠤ ᠲᠣᠪᠴᠢ ᠳᠡᢉᠡᠷ᠎ᠡ ᠳᠠᠷᠤᠭᠰᠠᠨ ᠢ᠋ᠶᠠᠷ ᠪᠦᠷᠢᠳᠦᢉᠦᠯᢈᠦ ᠪᠠᠷᠢᠮᠲᠠ ᠪᠢᠴᠢᢉ ᠦ᠋ᠨ ᠵᠢᠭᠰᠠᠭᠠᠯᠲᠠ ᠭᠠᠷᠴᠤ ᠢᠷᠡᠨ᠎ᠡ᠃/ᠴᠠᢈᠢᠮ ᠢ᠋ᠶᠠᠷ ᢈᠦᠰᠡᠯᠲᠡ ᠪᠡᠨ ᠢᠯᠡᢉᠡᢉᠰᠡᠨ ᠢ᠋ᠶᠡᠷ ᠡᠳᠡᢉᠡᠷ ᠮᠠᠲ᠋ᠧᠷᠢᠠᠯ ᠢ᠋ ᠪᠡᠶᠡᠲᠦ ᠪᠡᠷ ᠪᠦᠷᠢᠳᠦᢉᠦᠯᢈᠦ ᠱᠠᠭᠠᠷᠳᠠᠯᠭ᠎ᠠ ᠦᢉᠡᠢ/ 
  • ᠦᠷᢉᠦᠯᠵᠢᠯᠡᢉᠦᠯᢈᠦ ᢈᠡᠰᠡᢉ ᠲᠦ ᠳᠠᠷᠤᠵᠤ᠂ ᠳᠠᠩᠰᠠᠨ ᠤ᠋ ᠮᠡᠳᠡᢉᠡᠯᠡᠯ ᢈᠡᠰᠡᢉ ᠲᠦ ᠥᠪᠡᠷ ᠦ᠋ᠨ ᠠᠰᠢᠭᠯᠠᠳᠠᠭ ᠠᠷᠠᠯᠵᠢᠶᠠᠨ ᠤ᠋ ᠪᠠᠩᠻᠢ ᠪᠠᠨ ᠰᠣᠩᠭᠤᠨ᠂ ᠥᠪᠡᠷ ᠦ᠋ᠨ ᠨᠡᠷ᠎ᠡ ᠳᠡᢉᠡᠷᠡᢈᠢ ᠳᠠᠩᠰᠠᠨ ᠤ᠋ ᠳ᠋ᠤᠭᠠᠷ ᠢ᠋ᠶᠠᠨ ᠣᠷᠤᠭᠤᠯᠤᠨ ᠪᠦᠷᠢᠳᢈᠡᢉᠦᠯᠦᠨ᠎ᠡ᠃ 
  • ᠪᠠᠲᠤᠯᠠᠭᠠᠵᠢᠭᠤᠯᠬᠤ ᢈᠡᠰᠡᢉ ᠲᠦ “ᠲᠡᠶᠢᠮᠦ” ᢉᠡᠰᠡᠨ ᠰᠣᠩᠭᠤᠯᠲᠠ ᠶ᠋ᠢ ᢈᠢᢉᠰᠡᠨ ᠢ᠋ᠶᠡᠷ ᢈᠦᠰᠡᠯᠲᠡ ᠠᠮᠵᠢᠯᠲᠠᠲᠠᠢ ᠢᠯᠡᢉᠡᢉᠳᠡᠵᠦ ᠲᠠᠨ ᠤ᠋ ᠳᠠᠩᠰᠠ ᠪᠠᠲᠤᠯᠠᠭᠠᠵᠢᠨ᠎ᠠ᠃ 

ᠲᠤᠰ ᠦᠶᠢᠯᠡᠴᠢᠯᠡᢉᠡᠨ ᠳ᠋ᠦ 65 ᠪᠣᠯᠤᠨ ᠲᠡᢉᠦᠨ ᠡᠴᠡ ᠳᠡᢉᠡᢉᠰᠢ ᠨᠠᠰᠤᠨ ᠤ᠋ ᠪᠦᢈᠦ ᠠᠬᠠᠮᠠᠳ ᠤ᠋ᠳ ᠬᠠᠮᠤᠷᠤᠭᠳᠠᠬᠤ ᠪᠣᠯᠤᠮᠵᠢᠲᠠᠢ᠃ᠬᠠᠷᠢᠨ ᠡᠮᠦᠨ᠎ᠡ ᠨᠢ “ᠨᠠᠰᠤᠨ ᠤ᠋ ᢈᠡᠰᠢᢉ” ᠠᠪᠴᠤ ᠪᠠᠶᠢᠭᠰᠠᠨ ᠠᠬᠠᠮᠠᠳ ᠤ᠋ᠳ ᠤ᠋ᠨ ᠮᠡᠳᠡᢉᠡᠯᠡᠯ ᠠᠦ᠋ᠲ᠋ᠣᠮᠠᠲ ᠢ᠋ᠶᠠᠷ ᠰᠤᠩᠭᠠᠭᠳᠠᠳᠠᠭ ᠲᠤᠯᠠ ᠳᠠᢈᠢᠨ ᠰᠢᠨ᠎ᠡ ᠪᠡᠷ ᢈᠦᠰᠡᠯᠲᠡ ᠢᠯᠡᢉᠡᢈᠦ ᠱᠠᠭᠠᠷᠳᠠᠯᠭ᠎ᠠ ᠦᢉᠡᠢ᠃ 

ᠪᠡᠶᠡᠴᠢᠯᠡᠨ ᠣᠴᠢᠬᠤ ᠲᠣᢈᠢᠶᠠᠯᠳᠤᠯ ᠳ᠋ᠤ ᠥᠪᠡᠷ ᠦ᠋ᠨ ᠣᠷᠤᠰᠢᠨ ᠰᠠᠭᠤᠭ᠎ᠠ ᠬᠠᠷᠢᠶ᠎ᠠ ᠳᠡᢉᠦᠷᢉᠡ᠂ ᠰᠤᠮᠤ ᠶ᠋ᠢᠨ ᠬᠠᠯᠠᠮᠵᠢ ᠶ᠋ᠢᠨ ᠮᠡᠷᢉᠡᠵᠢᠯᠲᠡᠨ ᠳ᠋ᠦ ᠢᠷᢉᠡᠨ ᠦ᠋ ᠦᠨᠡᠮᠯᠡᢈᠦ ᠲᠡᠢ ᠪᠡᠨ ᠣᠴᠢᠵᠤ ᠪᠦᠷᠢᠳᢈᠡᢉᠦᠯᠦᠨ᠎ᠡ᠃ᠥᠪᠡᠷ ᠦ᠋ᠨ ᠪᠡᠶ᠎ᠡ ᠪᠡᠷ ᠣᠴᠢᠬᠤ ᠪᠣᠯᠤᠮᠵᠢ ᠦᢉᠡᠢ ᠪᠣᠯ ᠢᠲᠡᢉᠡᠮᠵᠢᠯᠡᢉᠳᠡᢉᠰᠡᠨ ᠲᠥᠯᠦᢉᠡᠯᠡᢉᠴᠢ ᠪᠡᠷ ᠢ᠋ᠶᠡᠨ ᠳᠠᠮᠵᠢᠭᠤᠯᠤᠨ ᢈᠦᠰᠡᠯᠲᠡ ᠪᠡᠨ ᠢᠯᠡᠷᢈᠡᠶᠢᠯᠡᢉᠰᠡᠨ ᠢ᠋ᠶᠡᠷ ᠲᠤᠬᠠᠢ ᠶ᠋ᠢᠨ ᠢᠲᠡᢉᠡᠮᠵᠢᠯᠡᢉᠳᠡᢉᠰᠡᠨ ᠲᠥᠯᠦᢉᠡᠯᠡᢉᠴᠢ ᠨᠢ ᠠᠬᠠᠮᠠᠳ ᠨᠠᠰᠤᠲᠠᠨ ᠤ᠋ ᠢᠷᢉᠡᠨ ᠦ᠋ ᠦᠨᠡᠮᠯᠡᢈᠦ ᠪᠤᠰᠤᠳ ᠪᠠᠷᠢᠮᠲᠠ ᠪᠢᠴᠢᢉ ᠢ᠋ ᠬᠠᠪᠰᠤᠷᠭᠠᠨ “ᠨᠠᠰᠤᠨ ᠤ᠋ ᢈᠡᠰᠢᢉ” ᠠᠪᠬᠤ ᠡᠷᢉᠦᠳᠡᠯ ᠦ᠋ᠨ ᠮᠠᠶ᠋ᠢᠭᠲᠤ ᠶ᠋ᠢ ᠪᠥᢉᠯᠡᠵᠦ ᠪᠦᠷᠢᠳᢈᠡᢉᠦᠯᢈᠦ ᠶᠤᠮ᠃  

ᠨᠡᠶᠢᠲᠡᠯᠡᠭᠰᠡᠨ᠄