ᠮᠣᠩᠭᠣᠯ ᠤᠯᠤᠰ ᠲᠤ ᠰᠢᠨᠡ ᠪᠡᠷ ᠬᠠᠤᠯᠢ ᠶ᠋ᠢᠨ ᠡᠲᠡᢉᠡᠳ ᠪᠠᠶᠢᠭᠤᠯᠵᠤ ᠪᠤᠢ ᠢᠷᢉᠡᠨ᠂ ᠠᠵᠤ ᠠᠬᠤᠢ ᠶ᠋ᠢᠨ ᠨᠢᢉᠡᠴᠡ ᠨᠦ᠋ᢉᠦᠳ ᠲᠦ ᠲᠤᠯᠭᠠᠷᠠᠳᠠᠭ ᠬᠠᠮᠤᠭ ᠤ᠋ᠨ ᠡᢈᠢᠨ ᠦ᠋ ᠪᠣᠳᠠᠲᠤ ᢈᠦᠨᠳᠦᠷᠡᠯ ᠦ᠋ᠳ ᠦ᠋ᠨ ᠨᠢᢉᠡ ᠪᠣᠯ ᠲᠠᠮᠠᠭᠠ᠂ ᠲᠡᠮᠳᠡᢉ ᠦ᠋ᠨ ᢈᠢᠨᠠᠯᠲᠠ ᠶ᠋ᠢᠨ ᠳ᠋ᠤᠭᠠᠷ ᠠᠪᠬᠤ ᠦᠶᠢᠯᠡ ᠶᠠᠪᠤᠴᠠ ᠪᠠᠶᠢᠭᠰᠠᠨ᠃ᠡᠮᠦᠨᠡ ᠨᠢ ᠡᠨᠡ ᢈᠦ ᢈᠢᠨᠠᠯᠲᠠ ᠶ᠋ᠢᠨ ᠳ᠋ᠤᠭᠠᠷ ᠢ᠋ ᠠᠪᠬᠤ ᠶ᠋ᠢᠨ ᠲᠤᠯᠠᠳᠠ ᠣᠯᠠᠨ ᠲᠥᠷᠦᠯ ᠦ᠋ᠨ ᠪᠠᠷᠢᠮᠲᠠ ᠪᠢᠴᠢᢉ ᠪᠦᠷᠢᠳᠦᢉᠦᠯᠵᠦ᠂ᠲᠥᠷᠦ ᠶ᠋ᠢᠨ ᠪᠠᠶᠢᠭᠤᠯᠤᠯᠭᠠ ᠳ᠋ᠤ ᠪᠡᠶᠡᠴᠢᠯᠡᠨ ᠣᠴᠢᠬᠤ᠂ ᠳᠠᢈᠢᠨ ᠳᠠᢈᠢᠨ ᠵᠠᠰᠠᠪᠤᠷᠢ ᠥᢉᠡᠷᠡᠴᠢᠯᠡᠯᠲᠡ ᢈᠢᠯᢉᠡᢈᠦ ᠵᠡᠷᢉᠡ ᠴᠠᠭ ᠬᠤᠭᠤᠴᠠᠭᠠ᠂ ᠵᠠᠷᠤᠳᠠᠯ ᠶᠡᢈᠡᠲᠡᠢ ᠱᠠᠲᠤ ᠳᠠᠮᠵᠢᠯᠭᠠ ᠱᠠᠭᠠᠷᠳᠠᠯᠭᠠᠲᠠᠢ ᠪᠠᠶᠢᠭᠰᠠᠨ᠃
ᠲᠡᢉᠡᠪᠡᠯ “ᠢ᠆ᠮᠣᠩᠭᠣᠯ ᠠᠻᠠᠳᠧᠮᠢ” ᠤᠲᠦᢉ ᠤᠯᠤᠰ ᠤ᠋ᠨ ᠪᠦᠷᠢᠳᢈᠡᠯ ᠦ᠋ᠨ ᠶᠡᠷᠦᠩᢈᠡᠢ ᠭᠠᠵᠠᠷ ᠲᠠᠢ ᠬᠠᠮᠲᠤᠷᠠᠨ “ᠲᠠᠮᠠᠭᠠ᠂ ᠲᠡᠮᠳᠡᢉ ᠦ᠋ᠨ ᢈᠢᠨᠠᠯᠲᠠ ᠶ᠋ᠢᠨ ᠳ᠋ᠤᠭᠠᠷ ᠠᠪᠬᠤ” ᠦᠶᠢᠯᠡᠴᠢᠯᠡᢉᠡ ᠶ᠋ᠢ E-Business ᠰᠢᠰᠲ᠋ᠧᠮ ᠳ᠋ᠦ ᠠᠮᠵᠢᠯᠲᠠᠲᠠᠢ ᠨᠡᠪᠲᠡᠷᠡᢉᠦᠯᠦᠯᠡ᠃ᠢᠩᢉᠢᢉᠰᠡᠨ ᠢ᠋ᠶᠡᠷ ᠰᠢᠨᠡ ᠪᠡᠷ ᠻᠣᠮᠫᠠᠨᠢ ᠪᠠᠶᠢᠭᠤᠯᠤᠭᠰᠠᠨ ᠢᠷᢉᠡᠳ ᠤᠭ ᠦᠶᠢᠯᠡᠴᠢᠯᠡᢉᠡ ᠶ᠋ᠢ ᠴᠠᢈᠢᠮ ᠢ᠋ᠶᠠᠷ᠂ ᠢᠯᠡᢉᠦᠦ ᠬᠤᠷᠳᠤᠨ᠂ ᢈᠦᠷᠲᠡᢉᠡᠮᠵᠢᠲᠡᠢ ᠠᠪᠬᠤ ᠪᠣᠯᠤᠮᠵᠢ ᠪᠦᠷᠢᠳᠴᠦ ᠪᠠᠶᠢᠨᠠ᠃
ᠲᠠᠮᠠᠭᠠ᠂ ᠲᠡᠮᠳᠡᢉ ᠦ᠋ᠨ ᢈᠢᠨᠠᠯᠲᠠ ᠶ᠋ᠢᠨ ᠳ᠋ᠤᠭᠠᠷ ᠨᠢ ᠬᠠᠤᠯᠢ ᠶ᠋ᠢᠨ ᠡᠲᠡᢉᠡᠳ ᠦ᠋ᠨ ᠠᠯᠪᠠᠨ ᠶᠣᠰᠤᠨ ᠤ᠋ ᠲᠠᠮᠠᠭᠠ ᢈᠦᠴᠦᠨᠲᠡᠢ ᠡᠰᠡᢈᠦ᠂ ᠳᠠᠪᠬᠤᠷᠳᠠᠭᠠ ᠦᢉᠡᠢ ᠡᠰᠡᢈᠦ᠂ ᠬᠠᠤᠯᠢ ᠶᠣᠰᠤᠨ ᠤ᠋ ᠪᠦᠷᠢᠳᢈᠡᠯ ᠲᠡᠢ ᠡᠰᠡᢈᠦ ᠶ᠋ᠢ ᠪᠠᠲᠤᠯᠠᠭᠠᠵᠢᠭᠤᠯᠳᠠᠭ ᠦᠨᠳᠦᠰᠦᠨ ᠰᠢᠯᠭᠠᠭᠤᠷ ᠶᠤᠮ᠃ᠥᢉᠡᠷᠡ ᠪᠡᠷ ᢈᠡᠯᠡᠪᠡᠯ᠂ ᠡᠨᠡ ᢈᠦ ᢈᠢᠨᠠᠯᠲᠠ ᠶ᠋ᠢᠨ ᠳ᠋ᠤᠭᠠᠷ ᠦᢉᠡᠢ ᠪᠡᠷ ᢉᠡᠷᠡ ᢈᠡᠯᠡᠴᠡᠯ ᠪᠠᠶᠢᠭᠤᠯᠬᠤ᠂ ᠲᠥᠷᠦ ᠶ᠋ᠢᠨ ᠪᠣᠯᠤᠨ ᠬᠤᠪᠢ ᠶ᠋ᠢᠨ ᢈᠡᠪᠰᠢᠯ ᠦ᠋ᠨ ᠵᠠᠷᠢᠮ ᠦᠶᠢᠯᠡᠴᠢᠯᠡᢉᠡ ᠠᠪᠬᠤ ᠪᠣᠯᠤᠮᠵᠢ ᢈᠢᠵᠠᠭᠠᠷᠯᠠᠭᠳᠠᠳᠠᠭ᠃
ᠡᠶᠢᠮᠦ ᠳ᠋ᠦ ᠤᠭ ᠦᠶᠢᠯᠡᠴᠢᠯᠡᢉᠡ ᠶ᠋ᠢ ᠴᠠᢈᠢᠮᠵᠢᠭᠤᠯᠤᠭᠰᠠᠨ ᠢ᠋ᠶᠠᠷ ᠭᠠᠷᠤᠭᠠᠨ ᠤ᠋ ᠪᠢᠽᠢᠨᠧᠰ᠂ ᠵᠢᠵᠢᢉ ᠳᠤᠮᠳᠠ ᠠᠵᠤ ᠠᠬᠤᠢ ᠶ᠋ᠢᠨ ᠨᠢᢉᠡᠴᠡ ᠨᠦ᠋ᢉᠦᠳ ᠢ᠋ ᠳᠡᠮᠵᠢᢉᠰᠡᠨ ᠪᠢᠽᠢᠨᠧᠰ ᠡᢈᠢᠯᠡᢉᠦᠯᢈᠦ ᠡᢈᠢᠨ ᠦ᠋ ᠱᠠᠲᠤᠨ ᠤ᠋ ᢈᠦᠨᠳᠦᠷᠡᠯ ᠢ᠋ ᠪᠠᠭᠤᠷᠠᠭᠤᠯᠵᠤ ᠪᠠᠶᠢᠭᠠ ᠶᠤᠮ᠃
ᠲᠠᠮᠠᠭᠠ ᠲᠡᠮᠳᠡᢉ ᠦ᠋ᠨ ᢈᠢᠨᠠᠯᠲᠠ ᠶ᠋ᠢᠨ ᠳ᠋ᠤᠭᠠᠷ ᢈᠡᠷᢈᠢᠨ ᠠᠪᠬᠤ ᠪᠤᠢ?
- ᠲᠠ E-Business ᠰᠢᠰᠲ᠋ᠧᠮ ᠳ᠋ᠦ ᠲᠠᠮᠠᠭᠠ᠂ ᠲᠡᠮᠳᠡᢉ ᠠᠪᠬᠤ ᢈᠦᠰᠡᠯ ᠲᠡᠢ ᠻᠣᠮᠫᠠᠨᠢ ᠶ᠋ᠢᠨ ᠢ᠋ᠶᠠᠨ ᠡᠷᢈᠡ ᠪᠡᠷ ᠨᠡᠪᠲᠡᠷᠡᠵᠦ᠂︽ᠤᠯᠤᠰ ᠤ᠋ᠨ ᠪᠦᠷᠢᠳᢈᠡᠯ︾ ᠼᠧᠰᠧ ᠶ᠋ᠢᠨ «ᠲᠠᠮᠠᠭᠠ᠂ ᠲᠡᠮᠳᠡᢉ ᠦ᠋ᠨ ᢈᠢᠨᠠᠯᠲᠠ ᠶ᠋ᠢᠨ ᠳ᠋ᠤᠭᠠᠷ ᠣᠯᠭᠤᠬᠤ» ᠦᠶᠢᠯᠡᠴᠢᠯᠡᢉᠡ ᠶ᠋ᠢ ᠰᠣᠩᠭᠤᠨ ᠭᠠᠷᠴᠤ ᠢᠷᠡᢉᠰᠡᠨ “ᠦᠶᠢᠯᠡᠴᠢᠯᠡᢉᠡ ᠠᠪᠬᠤ” ᠲᠣᠪᠴᠢ ᠶ᠋ᠢ ᠳᠠᠷᠤᠨᠠ᠃
- ᠡᢉᠦᠨ ᠦ᠋ ᠳᠠᠷᠠᠭᠠ ᠬᠣᠯᠪᠤᠭᠠ ᠪᠠᠷᠢᠬᠤ ᠮᠡᠳᠡᢉᠡᠯᠡᠯ ᠢ᠋ᠶᠡᠨ ᠣᠷᠤᠭᠤᠯᠵᠤ᠂ ᠲᠠᠮᠠᠭᠠᠨ ᠤ᠋ ᠻᠣᠮᠫᠠᠨᠢ ᠶ᠋ᠢᠨ ᠪᠠᠶᠢᠷᠢᠰᠢᠯ᠂ ᠬᠠᠶ᠋ᠢᠭ ᠤ᠋ᠨ ᠮᠡᠳᠡᢉᠡᠯᠡᠯ ᠢ᠋ ᠬᠠᠷᠠᠭᠠᠯᠵᠠᠨ ᠰᠣᠩᠭᠤᠯᠲᠠ ᠪᠠᠨ ᢈᠢᠵᠦ ᠢᠯᠡᢉᠡᢉᠰᠡᠨ ᠢ᠋ᠶᠡᠷ ᠲᠠᠨ ᠤ᠋ ᢈᠦᠰᠡᠯᠲᠡ ᠠᠮᠵᠢᠯᠲᠠᠲᠠᠢ ᠢᠯᠡᢉᠡᢉᠳᠡᠨᠡ᠃
- ᠲᠠ ᠥᠪᠡᠷ ᠦ᠋ᠨ ᠰᠣᠩᠭᠤᠭᠰᠠᠨ ᠲᠠᠮᠠᠭᠠᠨ ᠤ᠋ ᠻᠣᠮᠫᠠᠨᠢ ᠲᠠᠢ ᠬᠣᠯᠪᠤᠭᠳᠠᠵᠤ ᠲᠠᠮᠠᠭᠠ᠂ ᠲᠡᠮᠳᠡᢉ ᠢ᠋ᠶᠡᠨ ᠭᠠᠷᠭᠠᠭᠤᠯᠤᠨ ᠠᠪᠤᠨᠠ᠃
ᠠᠩᠬᠠᠷᠬᠤ ᠵᠦᠶᠢᠯᠡᠰ: ᢈᠡᠷᠪᠡ ᠲᠠᠨ ᠤ᠋ ᢈᠦᠰᠡᠯᠲᠡ ᠡᠮᠦᠨᠡ ᠨᠢ “ᠵᠥᠪᠰᠢᠶᠡᠷᠡᢉᠰᠡᠨ” ᠲᠥᠯᠦᠪ ᠲᠦ ᠣᠷᠤᠭᠰᠠᠨ ᠪᠣᠯ ᠲᠤᠬᠠᠢ ᠶ᠋ᠢᠨ ᠦᠶᠢᠯᠡᠴᠢᠯᠡᢉᠡ ᠶ᠋ᠢ ᠳᠠᢈᠢᠨ ᠠᠪᠬᠤ ᠪᠣᠯᠤᠮᠵᠢ ᠦᢉᠡᠢ ᠪᠥᢉᠡᠳ ᢈᠦᠰᠡᠯᠲᠡ “ᠢᠯᠡᢉᠡᢉᠰᠡᠨ” ᠡᠰᠡᠪᠡᠯ “ᠪᠣᠯᠪᠠᠰᠤᠷᠠᠭᠤᠯᠵᠤ ᠪᠠᠶᠢᠭᠠ” ᠲᠥᠯᠦᠪᠲᠦ ᠪᠠᠶᠢᠬᠤ ᠬᠤᠭᠤᠴᠠᠭᠠᠨ ᠳ᠋ᠤ ᠯᠠ ᠴᠤᠴᠠᠯᠠᠵᠤ᠂ᠳᠠᢈᠢᠨ ᠢᠯᠡᢉᠡᢈᠦ ᠪᠣᠯᠤᠮᠵᠢᠲᠠᠢ ᠶᠤᠮ᠃ᠮᠥᠨ ᠬᠠᠤᠯᠢ ᠶ᠋ᠢᠨ ᠡᠲᠡᢉᠡᠳ ᠦ᠋ᠨ ᠨᠡᠷᠡ ᠪᠠᠲᠤᠯᠠᠭᠠᠵᠢᠵᠤ᠂ ᠤᠯᠤᠰ ᠤ᠋ᠨ ᠪᠦᠷᠢᠳᢈᠡᠯ ᠳ᠋ᠦ ᠪᠦᠷᠢᠳᢈᠡᢉᠳᠡᢉᠰᠡᠨ ᠲᠣᢈᠢᠶᠠᠯᠳᠤᠯ ᠳ᠋ᠤ ᠲᠠᠮᠠᠭᠠ᠂ ᠲᠡᠮᠳᠡᢉ ᠦ᠋ᠨ ᢈᠢᠨᠠᠯᠲᠠ ᠶ᠋ᠢᠨ ᠳ᠋ᠤᠭᠠᠷ ᠠᠦ᠋ᠲ᠋ᠣᠮᠠᠲ ᠢ᠋ᠶᠠᠷ ᠡᢉᠦᠰᢈᠦ ᠪᠥᢉᠡᠳ ᠨᠢᢉᠡ ᠻᠣᠮᠫᠠᠨᠢ ᠳ᠋ᠤ ᠨᠢᢉᠡ ᠯᠡ ᠤᠳᠠᠭᠠ ᢈᠦᠰᠡᠯᠲᠡ ᠢᠯᠡᢉᠡᢈᠦ ᠪᠣᠯᠤᠮᠵᠢᠲᠠᠢ᠃ᢈᠡᠷᠪᠡ ᠪᠤᠷᠤᠭᠤ ᠻᠣᠮᠫᠠᠨᠢ ᠰᠣᠩᠭᠤᠭᠰᠠᠨ ᠡᠰᠡᠪᠡᠯ ᠥᢉᠡᠷᠡ ᠰᠢᠯᠲᠠᠭᠠᠨ ᠢ᠋ᠶᠠᠷ ᠲᠠᠮᠠᠭᠠ ᠠᠪᠬᠤ ᢈᠦᠰᠡᠯᠲᠡ ᠪᠡᠨ ᠦᠷᢉᠦᠯᠵᠢᠯᠡᢉᠦᠯᢈᠦ ᠪᠣᠯᠤᠮᠵᠢ ᠦᢉᠡᠢ ᠪᠣᠯᠤᠭᠰᠠᠨ ᠲᠣᢈᠢᠶᠠᠯᠳᠤᠯ ᠳ᠋ᠤ ᠲᠤᠬᠠᠢ ᠶ᠋ᠢᠨ ᢈᠦᠰᠡᠯᠲᠡ ᠶ᠋ᠢ ᠴᠤᠴᠠᠯᠠᠬᠤ ᠪᠣᠯᠤᠮᠵᠢᠲᠠᠢ᠃
ᠲᠤᠰ ᠦᠶᠢᠯᠡᠴᠢᠯᠡᢉᠡ ᠶ᠋ᠢ ᠴᠠᢈᠢᠮᠵᠢᠭᠤᠯᠤᠭᠰᠠᠨ ᠢ᠋ᠶᠠᠷ ᠲᠥᠷᠦ ᠶ᠋ᠢᠨ ᠪᠠᠶᠢᠭᠤᠯᠤᠯᠭᠠ ᠶ᠋ᠢᠨ ᠠᠴᠢᠶᠠᠯᠠᠯ ᠪᠠᠭᠤᠷᠠᠵᠤ᠂ ᠢᠷᢉᠡᠳ ᠦ᠋ᠨ ᠪᠡᠶᠡᠴᠢᠯᠡᠨ ᠣᠴᠢᠬᠤ ᠱᠠᠭᠠᠷᠳᠠᠯᠭᠠ ᠪᠠᠭᠠᠰᠴᠤ᠂ ᠦᠶᠢᠯᠡᠴᠢᠯᠡᢉᠡᠨ ᠦ᠋ ᠬᠤᠭᠤᠴᠠᠭᠠ ᠪᠣᠭᠤᠨᠢᠰᠴᠤ᠂ ᠮᠡᠳᠡᢉᠡᠯᠡᠯ ᠦ᠋ᠨ ᠳᠠᠪᠬᠤᠷᠳᠠᠯ᠂ ᠠᠯᠳᠠᠭᠠ ᠭᠠᠷᠬᠤ ᠡᠷᠦᠰᠳᠡᠯ ᠪᠠᠭᠤᠷᠠᠵᠤ ᠪᠠᠶᠢᠨᠠ᠃
ᠲᠠᠨ ᠳ᠋ᠤ ᠵᠣᠷᠢᠭᠤᠯᠪᠠ E-BUSINESS
