ᠰᠢᠨ᠎ᠡ ᠦᠶᠢᠯᠡᠴᠢᠯᠡᢉᠡ: E-BUSINESS ᠰᠢᠰᠲ᠋ᠧᠮ ᠳ᠋ᠦ “ᠲᠠᠮᠠᠭ᠎ᠠ᠂ ᠲᠡᠮᠳᠡᢉ ᠦ᠋ᠨ ᢈᠢᠨᠠᠯᠲᠠ ᠶ᠋ᠢᠨ ᠳ᠋ᠤᠭᠠᠷ ᠠᠪᠬᠤ” ᠦᠶᠢᠯᠡᠴᠢᠯᠡᢉᠡ ᠴᠠᢈᠢᠮᠵᠢᠯᠠᠭ᠎ᠠ


ᠮᠣᠩᠭᠣᠯ ᠤᠯᠤᠰ ᠲᠤ ᠰᠢᠨ᠎ᠡ ᠪᠡᠷ ᠬᠠᠤᠯᠢ ᠶ᠋ᠢᠨ ᠡᠲᠡᢉᠡᠳ ᠪᠠᠶᠢᠭᠤᠯᠵᠤ ᠪᠤᠢ ᠢᠷᢉᠡᠨ᠂ ᠠᠵᠤ ᠠᠬᠤᠢ ᠶ᠋ᠢᠨ ᠨᠢᢉᠡᠴᠡ ᠨᠦ᠋ᢉᠦᠳ ᠲᠦ ᠲᠤᠯᠭᠠᠷᠠᠳᠠᠭ ᠬᠠᠮᠤᠭ ᠤ᠋ᠨ ᠡᢈᠢᠨ ᠦ᠋ ᠪᠣᠳᠠᠲᠤ ᢈᠦᠨᠳᠦᠷᠡᠯ ᠦ᠋ᠳ ᠦ᠋ᠨ ᠨᠢᢉᠡ ᠪᠣᠯ ᠲᠠᠮᠠᠭ᠎ᠠ᠂ ᠲᠡᠮᠳᠡᢉ ᠦ᠋ᠨ ᢈᠢᠨᠠᠯᠲᠠ ᠶ᠋ᠢᠨ ᠳ᠋ᠤᠭᠠᠷ ᠠᠪᠬᠤ ᠦᠶᠢᠯᠡ ᠶᠠᠪᠤᠴᠠ ᠪᠠᠶᠢᠭᠰᠠᠨ᠃ᠡᠮᠦᠨ᠎ᠡ ᠨᠢ ᠡᠨᠡ ᢈᠦ ᢈᠢᠨᠠᠯᠲᠠ ᠶ᠋ᠢᠨ ᠳ᠋ᠤᠭᠠᠷ ᠢ᠋ ᠠᠪᠬᠤ ᠶ᠋ᠢᠨ ᠲᠤᠯᠠᠳᠠ ᠣᠯᠠᠨ ᠲᠥᠷᠦᠯ ᠦ᠋ᠨ ᠪᠠᠷᠢᠮᠲᠠ ᠪᠢᠴᠢᢉ ᠪᠦᠷᠢᠳᠦᢉᠦᠯᠵᠦ᠂ᠲᠥᠷᠦ ᠶ᠋ᠢᠨ ᠪᠠᠶᠢᠭᠤᠯᠤᠯᠭ᠎ᠠ ᠳ᠋ᠤ ᠪᠡᠶᠡᠴᠢᠯᠡᠨ ᠣᠴᠢᠬᠤ᠂ ᠳᠠᢈᠢᠨ ᠳᠠᢈᠢᠨ ᠵᠠᠰᠠᠪᠤᠷᠢ ᠥᢉᠡᠷᠡᠴᠢᠯᠡᠯᠲᠡ ᢈᠢᠯᢉᠡᢈᠦ ᠵᠡᠷᢉᠡ ᠴᠠᠭ ᠬᠤᠭᠤᠴᠠᠭ᠎ᠠ᠂ ᠵᠠᠷᠤᠳᠠᠯ ᠶᠡᢈᠡᠲᠡᠢ ᠱᠠᠲᠤ ᠳᠠᠮᠵᠢᠯᠭ᠎ᠠ ᠱᠠᠭᠠᠷᠳᠠᠯᠭᠠᠲᠠᠢ ᠪᠠᠶᠢᠭᠰᠠᠨ᠃

ᠲᠡᢉᠡᠪᠡᠯ “ᠢ‍᠆ᠮᠣᠩᠭᠣᠯ ᠠᠻᠠᠳᠧᠮᠢ” ᠤᠲᠦᢉ ᠤᠯᠤᠰ ᠤ᠋ᠨ ᠪᠦᠷᠢᠳᢈᠡᠯ ᠦ᠋ᠨ ᠶᠡᠷᠦᠩᢈᠡᠢ ᠭᠠᠵᠠᠷ ᠲᠠᠢ ᠬᠠᠮᠲᠤᠷᠠᠨ “ᠲᠠᠮᠠᠭ᠎ᠠ᠂ ᠲᠡᠮᠳᠡᢉ ᠦ᠋ᠨ ᢈᠢᠨᠠᠯᠲᠠ ᠶ᠋ᠢᠨ ᠳ᠋ᠤᠭᠠᠷ ᠠᠪᠬᠤ” ᠦᠶᠢᠯᠡᠴᠢᠯᠡᢉᠡ ᠶ᠋ᠢ E-Business ᠰᠢᠰᠲ᠋ᠧᠮ ᠳ᠋ᠦ ᠠᠮᠵᠢᠯᠲᠠᠲᠠᠢ ᠨᠡᠪᠲᠡᠷᠡᢉᠦᠯᠦᠯ᠎ᠡ᠃ᠢᠩᢉᠢᢉᠰᠡᠨ ᠢ᠋ᠶᠡᠷ ᠰᠢᠨ᠎ᠡ ᠪᠡᠷ ᠻᠣᠮᠫᠠᠨᠢ ᠪᠠᠶᠢᠭᠤᠯᠤᠭᠰᠠᠨ ᠢᠷᢉᠡᠳ ᠤᠭ ᠦᠶᠢᠯᠡᠴᠢᠯᠡᢉᠡ ᠶ᠋ᠢ ᠴᠠᢈᠢᠮ ᠢ᠋ᠶᠠᠷ᠂ ᠢᠯᠡᢉᠦᠦ ᠬᠤᠷᠳᠤᠨ᠂ ᢈᠦᠷᠲᠡᢉᠡᠮᠵᠢᠲᠡᠢ ᠠᠪᠬᠤ ᠪᠣᠯᠤᠮᠵᠢ ᠪᠦᠷᠢᠳᠴᠦ ᠪᠠᠶᠢᠨ᠎ᠠ᠃

ᠲᠠᠮᠠᠭ᠎ᠠ᠂ ᠲᠡᠮᠳᠡᢉ ᠦ᠋ᠨ ᢈᠢᠨᠠᠯᠲᠠ ᠶ᠋ᠢᠨ ᠳ᠋ᠤᠭᠠᠷ ᠨᠢ ᠬᠠᠤᠯᠢ ᠶ᠋ᠢᠨ ᠡᠲᠡᢉᠡᠳ ᠦ᠋ᠨ ᠠᠯᠪᠠᠨ ᠶᠣᠰᠤᠨ ᠤ᠋ ᠲᠠᠮᠠᠭ᠎ᠠ ᢈᠦᠴᠦᠨᠲᠡᠢ ᠡᠰᠡᢈᠦ᠂ ᠳᠠᠪᠬᠤᠷᠳᠠᠭ᠎ᠠ ᠦᢉᠡᠢ ᠡᠰᠡᢈᠦ᠂ ᠬᠠᠤᠯᠢ ᠶᠣᠰᠤᠨ ᠤ᠋ ᠪᠦᠷᠢᠳᢈᠡᠯ ᠲᠡᠢ ᠡᠰᠡᢈᠦ ᠶ᠋ᠢ ᠪᠠᠲᠤᠯᠠᠭᠠᠵᠢᠭᠤᠯᠳᠠᠭ ᠦᠨᠳᠦᠰᠦᠨ ᠰᠢᠯᠭᠠᠭᠤᠷ ᠶᠤᠮ᠃ᠥᢉᠡᠷ᠎ᠡ ᠪᠡᠷ ᢈᠡᠯᠡᠪᠡᠯ᠂ ᠡᠨᠡ ᢈᠦ ᢈᠢᠨᠠᠯᠲᠠ ᠶ᠋ᠢᠨ ᠳ᠋ᠤᠭᠠᠷ ᠦᢉᠡᠢ ᠪᠡᠷ ᢉᠡᠷ᠎ᠡ ᢈᠡᠯᠡᠴᠡᠯ ᠪᠠᠶᠢᠭᠤᠯᠬᠤ᠂ ᠲᠥᠷᠦ ᠶ᠋ᠢᠨ ᠪᠣᠯᠤᠨ ᠬᠤᠪᠢ ᠶ᠋ᠢᠨ ᢈᠡᠪᠰᠢᠯ ᠦ᠋ᠨ ᠵᠠᠷᠢᠮ ᠦᠶᠢᠯᠡᠴᠢᠯᠡᢉᠡ ᠠᠪᠬᠤ ᠪᠣᠯᠤᠮᠵᠢ ᢈᠢᠵᠠᠭᠠᠷᠯᠠᠭᠳᠠᠳᠠᠭ᠃

ᠡᠶᠢᠮᠦ ᠳ᠋ᠦ ᠤᠭ ᠦᠶᠢᠯᠡᠴᠢᠯᠡᢉᠡ ᠶ᠋ᠢ ᠴᠠᢈᠢᠮᠵᠢᠭᠤᠯᠤᠭᠰᠠᠨ ᠢ᠋ᠶᠠᠷ ᠭᠠᠷᠤᠭᠠᠨ ᠤ᠋ ᠪᠢᠽᠢᠨᠧᠰ᠂ ᠵᠢᠵᠢᢉ ᠳᠤᠮᠳᠠ ᠠᠵᠤ ᠠᠬᠤᠢ ᠶ᠋ᠢᠨ ᠨᠢᢉᠡᠴᠡ ᠨᠦ᠋ᢉᠦᠳ ᠢ᠋ ᠳᠡᠮᠵᠢᢉᠰᠡᠨ ᠪᠢᠽᠢᠨᠧᠰ ᠡᢈᠢᠯᠡᢉᠦᠯᢈᠦ ᠡᢈᠢᠨ ᠦ᠋ ᠱᠠᠲᠤᠨ ᠤ᠋ ᢈᠦᠨᠳᠦᠷᠡᠯ ᠢ᠋ ᠪᠠᠭᠤᠷᠠᠭᠤᠯᠵᠤ ᠪᠠᠶᠢᠭ᠎ᠠ ᠶᠤᠮ᠃

ᠲᠠᠮᠠᠭ᠎ᠠ ᠲᠡᠮᠳᠡᢉ ᠦ᠋ᠨ ᢈᠢᠨᠠᠯᠲᠠ ᠶ᠋ᠢᠨ ᠳ᠋ᠤᠭᠠᠷ ᢈᠡᠷᢈᠢᠨ ᠠᠪᠬᠤ ᠪᠤᠢ?

  • ᠲᠠ E-Business ᠰᠢᠰᠲ᠋ᠧᠮ ᠳ᠋ᠦ ᠲᠠᠮᠠᠭ᠎ᠠ᠂ ᠲᠡᠮᠳᠡᢉ ᠠᠪᠬᠤ ᢈᠦᠰᠡᠯ ᠲᠡᠢ ᠻᠣᠮᠫᠠᠨᠢ ᠶ᠋ᠢᠨ ᠢ᠋ᠶᠠᠨ ᠡᠷᢈᠡ ᠪᠡᠷ ᠨᠡᠪᠲᠡᠷᠡᠵᠦ᠂︽ᠤᠯᠤᠰ ᠤ᠋ᠨ ᠪᠦᠷᠢᠳᢈᠡᠯ︾ ᠼᠧᠰᠧ ᠶ᠋ᠢᠨ «ᠲᠠᠮᠠᠭ᠎ᠠ᠂ ᠲᠡᠮᠳᠡᢉ ᠦ᠋ᠨ ᢈᠢᠨᠠᠯᠲᠠ ᠶ᠋ᠢᠨ ᠳ᠋ᠤᠭᠠᠷ ᠣᠯᠭᠤᠬᠤ» ᠦᠶᠢᠯᠡᠴᠢᠯᠡᢉᠡ ᠶ᠋ᠢ ᠰᠣᠩᠭᠤᠨ ᠭᠠᠷᠴᠤ ᠢᠷᠡᢉᠰᠡᠨ “ᠦᠶᠢᠯᠡᠴᠢᠯᠡᢉᠡ ᠠᠪᠬᠤ” ᠲᠣᠪᠴᠢ ᠶ᠋ᠢ ᠳᠠᠷᠤᠨ᠎ᠠ᠃
  • ᠡᢉᠦᠨ ᠦ᠋ ᠳᠠᠷᠠᠭ᠎ᠠ ᠬᠣᠯᠪᠤᠭ᠎ᠠ ᠪᠠᠷᠢᠬᠤ ᠮᠡᠳᠡᢉᠡᠯᠡᠯ ᠢ᠋ᠶᠡᠨ ᠣᠷᠤᠭᠤᠯᠵᠤ᠂ ᠲᠠᠮᠠᠭᠠᠨ ᠤ᠋ ᠻᠣᠮᠫᠠᠨᠢ ᠶ᠋ᠢᠨ ᠪᠠᠶᠢᠷᠢᠰᠢᠯ᠂ ᠬᠠᠶ᠋ᠢᠭ ᠤ᠋ᠨ ᠮᠡᠳᠡᢉᠡᠯᠡᠯ ᠢ᠋ ᠬᠠᠷᠠᠭᠠᠯᠵᠠᠨ ᠰᠣᠩᠭᠤᠯᠲᠠ ᠪᠠᠨ ᢈᠢᠵᠦ ᠢᠯᠡᢉᠡᢉᠰᠡᠨ ᠢ᠋ᠶᠡᠷ ᠲᠠᠨ ᠤ᠋ ᢈᠦᠰᠡᠯᠲᠡ ᠠᠮᠵᠢᠯᠲᠠᠲᠠᠢ ᠢᠯᠡᢉᠡᢉᠳᠡᠨ᠎ᠡ᠃
  • ᠲᠠ ᠥᠪᠡᠷ ᠦ᠋ᠨ ᠰᠣᠩᠭᠤᠭᠰᠠᠨ ᠲᠠᠮᠠᠭᠠᠨ ᠤ᠋ ᠻᠣᠮᠫᠠᠨᠢ ᠲᠠᠢ ᠬᠣᠯᠪᠤᠭᠳᠠᠵᠤ ᠲᠠᠮᠠᠭ᠎ᠠ᠂ ᠲᠡᠮᠳᠡᢉ ᠢ᠋ᠶᠡᠨ ᠭᠠᠷᠭᠠᠭᠤᠯᠤᠨ ᠠᠪᠤᠨ᠎ᠠ᠃

ᠠᠩᠬᠠᠷᠬᠤ ᠵᠦᠶᠢᠯᠡᠰ: ᢈᠡᠷᠪᠡ ᠲᠠᠨ ᠤ᠋ ᢈᠦᠰᠡᠯᠲᠡ ᠡᠮᠦᠨ᠎ᠡ ᠨᠢ ᠵᠥᠪᠰᠢᠶᠡᠷᠡᢉᠰᠡᠨ ᠲᠥᠯᠦᠪ ᠲᠦ ᠣᠷᠤᠭᠰᠠᠨ ᠪᠣᠯ ᠲᠤᠬᠠᠢ ᠶ᠋ᠢᠨ ᠦᠶᠢᠯᠡᠴᠢᠯᠡᢉᠡ ᠶ᠋ᠢ ᠳᠠᢈᠢᠨ ᠠᠪᠬᠤ ᠪᠣᠯᠤᠮᠵᠢ ᠦᢉᠡᠢ ᠪᠥᢉᠡᠳ ᢈᠦᠰᠡᠯᠲᠡ ᠢᠯᠡᢉᠡᢉᠰᠡᠨ ᠡᠰᠡᠪᠡᠯ ᠪᠣᠯᠪᠠᠰᠤᠷᠠᠭᠤᠯᠵᠤ ᠪᠠᠶᠢᠭ᠎ᠠ ᠲᠥᠯᠦᠪᠲᠦ ᠪᠠᠶᠢᠬᠤ ᠬᠤᠭᠤᠴᠠᠭᠠᠨ ᠳ᠋ᠤ ᠯᠠ ᠴᠤᠴᠠᠯᠠᠵᠤ᠂ᠳᠠᢈᠢᠨ ᠢᠯᠡᢉᠡᢈᠦ ᠪᠣᠯᠤᠮᠵᠢᠲᠠᠢ ᠶᠤᠮ᠃ᠮᠥᠨ ᠬᠠᠤᠯᠢ ᠶ᠋ᠢᠨ ᠡᠲᠡᢉᠡᠳ ᠦ᠋ᠨ ᠨᠡᠷ᠎ᠡ ᠪᠠᠲᠤᠯᠠᠭᠠᠵᠢᠵᠤ᠂ ᠤᠯᠤᠰ ᠤ᠋ᠨ ᠪᠦᠷᠢᠳᢈᠡᠯ ᠳ᠋ᠦ ᠪᠦᠷᠢᠳᢈᠡᢉᠳᠡᢉᠰᠡᠨ ᠲᠣᢈᠢᠶᠠᠯᠳᠤᠯ ᠳ᠋ᠤ ᠲᠠᠮᠠᠭ᠎ᠠ᠂ ᠲᠡᠮᠳᠡᢉ ᠦ᠋ᠨ ᢈᠢᠨᠠᠯᠲᠠ ᠶ᠋ᠢᠨ ᠳ᠋ᠤᠭᠠᠷ ᠠᠦ᠋ᠲ᠋ᠣᠮᠠᠲ ᠢ᠋ᠶᠠᠷ ᠡᢉᠦᠰᢈᠦ ᠪᠥᢉᠡᠳ ᠨᠢᢉᠡ ᠻᠣᠮᠫᠠᠨᠢ ᠳ᠋ᠤ ᠨᠢᢉᠡ ᠯᠡ ᠤᠳᠠᠭ᠎ᠠ ᢈᠦᠰᠡᠯᠲᠡ ᠢᠯᠡᢉᠡᢈᠦ ᠪᠣᠯᠤᠮᠵᠢᠲᠠᠢ᠃ᢈᠡᠷᠪᠡ ᠪᠤᠷᠤᠭᠤ ᠻᠣᠮᠫᠠᠨᠢ ᠰᠣᠩᠭᠤᠭᠰᠠᠨ ᠡᠰᠡᠪᠡᠯ ᠥᢉᠡᠷ᠎ᠡ ᠰᠢᠯᠲᠠᠭᠠᠨ ᠢ᠋ᠶᠠᠷ ᠲᠠᠮᠠᠭ᠎ᠠ ᠠᠪᠬᠤ ᢈᠦᠰᠡᠯᠲᠡ ᠪᠡᠨ ᠦᠷᢉᠦᠯᠵᠢᠯᠡᢉᠦᠯᢈᠦ ᠪᠣᠯᠤᠮᠵᠢ ᠦᢉᠡᠢ ᠪᠣᠯᠤᠭᠰᠠᠨ ᠲᠣᢈᠢᠶᠠᠯᠳᠤᠯ ᠳ᠋ᠤ ᠲᠤᠬᠠᠢ ᠶ᠋ᠢᠨ ᢈᠦᠰᠡᠯᠲᠡ ᠶ᠋ᠢ ᠴᠤᠴᠠᠯᠠᠬᠤ ᠪᠣᠯᠤᠮᠵᠢᠲᠠᠢ᠃

ᠲᠤᠰ ᠦᠶᠢᠯᠡᠴᠢᠯᠡᢉᠡ ᠶ᠋ᠢ ᠴᠠᢈᠢᠮᠵᠢᠭᠤᠯᠤᠭᠰᠠᠨ ᠢ᠋ᠶᠠᠷ ᠲᠥᠷᠦ ᠶ᠋ᠢᠨ ᠪᠠᠶᠢᠭᠤᠯᠤᠯᠭ᠎ᠠ ᠶ᠋ᠢᠨ ᠠᠴᠢᠶᠠᠯᠠᠯ ᠪᠠᠭᠤᠷᠠᠵᠤ᠂ ᠢᠷᢉᠡᠳ ᠦ᠋ᠨ ᠪᠡᠶᠡᠴᠢᠯᠡᠨ ᠣᠴᠢᠬᠤ ᠱᠠᠭᠠᠷᠳᠠᠯᠭ᠎ᠠ ᠪᠠᠭᠠᠰᠴᠤ᠂ ᠦᠶᠢᠯᠡᠴᠢᠯᠡᢉᠡᠨ ᠦ᠋ ᠬᠤᠭᠤᠴᠠᠭ᠎ᠠ ᠪᠣᠭᠤᠨᠢᠰᠴᠤ᠂ ᠮᠡᠳᠡᢉᠡᠯᠡᠯ ᠦ᠋ᠨ ᠳᠠᠪᠬᠤᠷᠳᠠᠯ᠂ ᠠᠯᠳᠠᠭ᠎ᠠ ᠭᠠᠷᠬᠤ ᠡᠷᠦᠰᠳᠡᠯ ᠪᠠᠭᠤᠷᠠᠵᠤ ᠪᠠᠶᠢᠨ᠎ᠠ᠃

ᠲᠠᠨ ᠳ᠋ᠤ ᠵᠣᠷᠢᠭᠤᠯᠪᠠ E-BUSINESS

ᠨᠡᠶᠢᠲᠡᠯᠡᠭᠰᠡᠨ᠄