ᠶᠡᢈᠡ᠂ ᠳᠡᢉᠡᠳᠦ ᠰᠤᠷᠭᠠᠭᠤᠯᠢ ᠶ᠋ᠢᠨ ᠣᠶᠤᠲᠠᠨ ᠨᠤᠭᠤᠳ ᠲᠤ ᠴᠡᠷᠢᢉ ᠦ᠋ᠨ ᠠᠩᠬᠠᠨ ᠱᠠᠲᠤᠨ ᠤ᠋ ᠮᠡᠳᠡᠯᢉᠡ᠂ᠴᠢᠳᠠᠪᠤᠷᠢ ᠣᠯᠭᠤᠵᠤ᠂ ᠡᢈᠡ ᠣᠷᠤᠨ ᠢ᠋ᠶᠠᠨ ᠬᠠᠮᠠᠭᠠᠯᠠᠬᠤ ᠪᠡᠯᠡᠳᢈᠡᠯ ᠢ᠋ ᠡᠵᠡᠮᠰᠢᢉᠦᠯᢈᠦ᠂ ᠳᠠᠶᠢᠴᠢᠯᠠᠭᠠᠨ ᠤ᠋ ᠪᠡᠯᠡᠳᢈᠡᠯ ᠨᠥᢉᠡᠴᠡ ᠶ᠋ᠢ ᠪᠦᠷᠢᠳᠦᢉᠦᠯᢈᠦ ᠳ᠋ᠦ ᠵᠣᠷᠢᠯᠭᠠ ᠪᠠᠷ ᠣᠶᠤᠲᠠᠨ ᠴᠡᠷᠢᢉ ᠦ᠋ᠨ ᠪᠦᠷᠢᠳᢈᠡᠯ ᠢ᠋ ᠵᠢᠯ ᠪᠦᠷᠢ ᠴᠠᢈᠢᠮ ᠢ᠋ᠶᠠᠷ ᢈᠦᠯᠢᠶᠡᠨ ᠠᠪᠴᠤ ᠰᠤᠷᠭᠠᠯᠲᠠ ᠳ᠋ᠤ ᠬᠠᠮᠤᠷᠤᠭᠤᠯᠳᠠᠭ ᠪᠣᠯᠤᠭᠰᠠᠨ᠃
ᠡᠨᠡ ᠵᠢᠯ ᠦ᠋ᠨ ᠣᠶᠤᠲᠠᠨ ᠴᠡᠷᠢᢉ ᠦ᠋ᠨ ᠠᠩᠬᠠᠨ ᠱᠠᠲᠤᠨ ᠤ᠋ ᠪᠦᠷᠢᠳᢈᠡᠯ ᠦ᠋ᠨ ᢈᠦᠰᠡᠯᠲᠡ ᠶ᠋ᠢ 2026 ᠣᠨ ᠤ᠋ 03 ᠳ᠋ᠤᠭᠠᠷ ᠰᠠᠷᠠ ᠶ᠋ᠢᠨ 01᠆ᠶ᠋ᠢᠨ ᠡᠳᠦᠷ ᠡᠴᠡ ᠡᢈᠢᠯᠡᠨ 03 ᠳ᠋ᠤᠭᠠᠷ ᠰᠠᠷᠠ ᠶ᠋ᠢᠨ 10᠆ᠤ᠋ ᠡᠳᠦᠷ ᠦ᠋ᠨ 23:59 ᢈᠦᠷᠲᠡᠯᠡ ᠲᠥᠷᠦ ᠶ᠋ᠢᠨ ᠴᠠᢈᠢᠮ ᠦᠶᠢᠯᠡᠴᠢᠯᠡᢉᠡᠨ ᠦ᠋ ᠨᠢᢉᠡᠳᠦᢉᠰᠡᠨ E-Mongolia ᠰᠢᠰᠲ᠋ᠧᠮ ᠢ᠋ᠶᠡᠷ ᢈᠦᠯᠢᠶᠡᠨ ᠠᠪᠴᠤ ᠡᢈᠢᠯᠡᠯᠡ᠃
ᠣᠶᠤᠲᠠᠨ ᠴᠡᠷᠢᢉ ᠦ᠋ᠨ ᠪᠦᠷᠢᠳᢈᠡᠯ ᠦ᠋ᠨ ᢈᠦᠰᠡᠯᠲᠡ ᠪᠡᠨ ᠢᠯᠡᢉᠡᢈᠦ ᠶ᠋ᠢᠨ ᠲᠤᠯᠠᠳᠠ E-Mongolia ᠰᠢᠰᠲ᠋ᠧᠮ ᠳ᠋ᠦ ᠨᠡᠪᠲᠡᠷᠡᢉᠰᠡᠨ ᠦ᠋ ᠳᠠᠷᠠᠭᠠ “ᠦᠶᠢᠯᠡᠴᠢᠯᠡᢉᠡ” ᠼ ᠡᠴᠡ “ᠣᠶᠤᠲᠠᠨ ᠴᠡᠷᠢᢉ ᠦ᠋ᠨ ᠠᠩᠬᠠᠨ ᠱᠠᠲᠤᠨ ᠤ᠋ ᠪᠦᠷᠢᠳᢈᠡᠯ” ᢉᠡᠵᠦ ᠬᠠᠶᠢᠵᠤ᠂ ᠦᠶᠢᠯᠡᠴᠢᠯᠡᢉᠡ ᠠᠪᠬᠤ ᠲᠣᠪᠴᠢ ᠶ᠋ᠢ ᠳᠠᠷᠤᠨᠠ᠃ᠰᠢᠯᠭᠠᠭᠤᠷ ᠲᠤ ᠨᠡᠶᠢᠴᠡᢉᠰᠡᠨ ᠲᠣᢈᠢᠶᠠᠯᠳᠤᠯ ᠳ᠋ᠤ “ᠦᠷᠡ ᠳ᠋ᠦᠩ” ᠴᠣᠩᠬᠤᠨ ᠳ᠋ᠤ ᠠᠮᠵᠢᠯᠲᠠᠲᠠᠢ ᢈᠦᠯᠢᠶᠡᠨ ᠠᠪᠤᠭᠰᠠᠨ ᠲᠠᠯᠠᠭᠠᠷᢈᠢ ᠮᠡᠳᠡᢉᠳᠡᠯ ᠬᠠᠷᠠᠭᠳᠠᠬᠤ ᠪᠥᢉᠡᠳ ᢈᠦᠰᠡᠯᠲᠡ ᠶ᠋ᠢᠨ ᠶᠠᠪᠤᠴᠠ ᠶ᠋ᠢ “ᠮᠡᠳᠡᢉᠳᠡᠯ” ᢈᠡᠰᠡᢉ ᠡᠴᠡ ᢈᠢᠨᠠᠬᠤ ᠪᠣᠯᠤᠮᠵᠢ ᠲᠠᠢ᠃
ᢈᠥᠲᠦᠯᠪᠦᠷᠢ ᠳ᠋ᠦ ᠬᠠᠮᠤᠷᠤᠭᠳᠠᠬᠤ ᠱᠠᠭᠠᠷᠳᠠᠯᠭᠠ:
- ᠮᠣᠩᠭᠣᠯ ᠤᠯᠤᠰ ᠤ᠋ᠨ ᠮᠠᠭᠠᠳᠯᠠᠨ ᠢᠲᠡᢉᠡᠮᠵᠢᠯᠡᢉᠳᠡᢉᠰᠡᠨ ᠶᠡᢈᠡ᠂ ᠳᠡᢉᠡᠳᠦ ᠰᠤᠷᠭᠠᠭᠤᠯᠢ᠂ ᠻᠣᠯᠯᠧᠵᠢ ᠶ᠋ᠢᠨ 1᠂ 2᠂ 3᠆ᠷ ᠳᠠᠮᠵᠢᠶᠠᠨ ᠤ᠋ ᠣᠶᠤᠲᠠᠨ ᠪᠠᠶᠢᠬᠤ;
- ᠡᠨᠡ ᢈᠢᠴᠢᠶᠡᠯ ᠦ᠋ᠨ ᠵᠢᠯ ᠦ᠋ᠨ I ᠤᠯᠠᠷᠢᠯ ᠤ᠋ᠨ ᠰᠤᠷᠤᠯᠭᠠ ᠶ᠋ᠢᠨ ᠭᠣᠣᠯᠴᠢ ᠳ᠋ᠦᠩ 2᠂8᠆ᠠ᠋ᠴᠠ ᠳᠡᢉᠡᢉᠰᠢ ᠪᠠᠶᠢᠬᠤ;
- 2026 ᠣᠨ ᠤ᠋ 06 ᠳ᠋ᠤᠭᠠᠷ ᠰᠠᠷᠠ ᠶ᠋ᠢᠨ 15᠆ᠤ᠋ ᠡᠳᠦᠷ ᠡᠴᠡ ᠡᠮᠦᠨᠡ 18 ᠨᠠᠰᠤ ᢈᠦᠷᠦᢉᠰᠡᠨ ᠪᠠᠶᠢᠬᠤ;
- ᠡᠷᠡᢉᠦᠯ ᠮᠡᠨᠳᠦ ᠶ᠋ᠢᠨ ᠳᠠᠭᠠᠳᠬᠠᠯ ᠲᠥᠯᠦᢉᠰᠡᠨ ᠪᠠᠶᠢᠬᠤ ᠵᠡᠷᢉᠡ ᠪᠠᠭᠲᠠᠵᠤ ᠪᠠᠶᠢᠨᠠ᠃
ᠡᢈᠢᠨ ᠦ᠋ ᠱᠠᠲᠤᠨ ᠤ᠋ ᠰᠣᠩᠭᠤᠨ ᠰᠢᠯᠭᠠᠷᠠᠭᠤᠯᠤᠯᠲᠠ ᠳ᠋ᠤ ᠲᠡᠩᠴᠡᢉᠰᠡᠨ ᠣᠶᠤᠲᠠᠨ ᠨᠤᠭᠤᠳ 03 ᠳ᠋ᠤᠭᠠᠷ ᠰᠠᠷᠠ ᠶ᠋ᠢᠨ 11᠆ᠶ᠋ᠢᠨ 08:00 ᠴᠠᠭ ᠠ᠋ᠴᠠ ᠡᢈᠢᠯᠡᠨ ᠰᠤᠷᠭᠠᠭᠤᠯᠢ ᠶ᠋ᠢᠨ ᠢ᠋ᠶᠠᠨ ᠬᠠᠷᠢᠶᠠ ᠳᠡᢉᠦᠷᢉᠡ ᠶ᠋ᠢᠨ ᠢ᠋ᠶᠡᠨ ᠪᠣᠯᠤᠨ ᠠᠶᠢᠮᠠᠭ ᠤ᠋ᠨ ᠵᠠᠰᠠᠭ ᠳᠠᠷᠤᠭᠠ ᠶ᠋ᠢᠨ ᠲᠠᠮᠠᠭᠠ ᠶ᠋ᠢᠨ ᠭᠠᠵᠠᠷ ᠤ᠋ᠨ ᠴᠡᠷᠢᢉ ᠦ᠋ᠨ ᠱᠲ᠋ᠠᠪ ᠲᠤ ᠢᠷᢉᠡᠨ ᠦ᠋ ᠦᠨᠡᠮᠯᠡᢈᠦ᠂4 ᠬᠤᠪᠢ ᠴᠡᢉᠡᠵᠢ ᠵᠢᠷᠤᠭ /3ᠬᠤ4/᠂ ᠴᠡᠷᠢᢉ ᠦ᠋ᠨ ᠡᢉᠦᠷᢉᠡᠲᠡᠨ ᠦ᠋ ᠦᠨᠡᠮᠯᠡᢈᠦ /ᢈᠡᠷᠪᠡ ᠪᠠᠶᠢᠬᠤ ᠦᢉᠡᠢ ᠪᠣᠯ ᠰᠢᠨᠡ ᠦᠨᠡᠮᠯᠡᢈᠦ ᠶ᠋ᠢᠨ 2500 ᠲᠥᢉᠦᠷᠢᢉ/᠆ᠲᠡᠢ ᠢᠷᠡᠵᠦ ᠪᠦᠷᠢᠳᢈᠡᠯ ᠢ᠋ᠶᠡᠨ ᠪᠠᠲᠤᠯᠠᠭᠠᠵᠢᠭᠤᠯᠤᠨᠠ᠃
ᢈᠥᠲᠦᠯᠪᠦᠷᠢ ᠶ᠋ᠢ ᠮᠣᠩᠭᠣᠯ ᠤᠯᠤᠰ ᠤ᠋ᠨ ᠵᠠᠰᠠᠭ ᠤ᠋ᠨ ᠭᠠᠵᠠᠷ ᠤ᠋ᠨ ᠲᠣᠭᠲᠠᠭᠠᠯ ᠢ᠋ᠶᠠᠷ ᠪᠠᠲᠤᠯᠠᠭᠳᠠᠭᠰᠠᠨ ᠵᠢᠷᠤᠮ ᠤ᠋ᠨ ᠳᠠᠭᠠᠭᠤ ᠶᠠᠪᠤᠭᠤᠯᠳᠠᠭ ᠪᠥᢉᠡᠳ ᠣᠶᠤᠲᠠᠨ ᠨᠤᠭᠤᠳ ᠴᠡᠷᠢᢉ ᠦ᠋ᠨ ᠠᠯᠪᠠᠨ ᠤ᠋ ᠳᠠᠳᠤᠯᠭᠠ᠂ ᠰᠠᢈᠢᠯᠭᠠ ᠪᠠᠲᠤ᠂ ᠳᠦᠷᠢᠮ ᠵᠢᠷᠤᠮ᠂ ᠬᠠᠷᠢᠯᠴᠠᠭᠠᠨ ᠤ᠋ ᠰᠣᠶᠤᠯ᠂ ᠶᠣᠰᠤ ᠵᠦᠢ ᠶ᠋ᠢ ᠡᠵᠡᠮᠰᠢᠨᠡ᠃
ᠨᠡᠮᠡᠯᠲᠡ ᠮᠡᠳᠡᢉᠡᠯᠡᠯ ᠠᠪᠬᠤ ᠤᠲᠠᠰᠤ:
- ᠪᠠᠲᠤᠯᠠᠨ ᠬᠠᠮᠠᠭᠠᠯᠠᠬᠤ ᠶᠠᠮᠤ: 1800᠆1144
- ᠭᠣᠣᠯᠴᠢ ᠳ᠋ᠦᠩ ᠲᠡᠢ ᠬᠣᠯᠪᠤᠭᠠᠲᠠᠢ ᠠᠰᠠᠭᠤᠳᠠᠯ: ᠪᠣᠯᠪᠠᠰᠤᠷᠠᠯ ᠤ᠋ᠨ ᠮᠡᠳᠡᢉᠡᠯᠡᠯ ᠦ᠋ᠨ ᠲᠧᢈᠨᠣᠯᠣᢉᠢ ᠶ᠋ᠢᠨ ᠲᠥᠪ – 7577᠆2727
ᠣᠶᠤᠲᠠᠨ ᠵᠠᠯᠠᠭᠤᠰ ᠲᠠ ᠪᠦᢈᠦᠨ ᠡᠨᠡ ᢈᠦ ᢈᠥᠲᠦᠯᠪᠦᠷᠢ ᠳ᠋ᠦ ᠢᠳᠡᠪᢈᠢᠲᠡᠢ ᠣᠷᠤᠯᠴᠠᠵᠤ᠂ ᠴᠡᠷᠢᢉ ᠦ᠋ᠨ ᠮᠡᠷᢉᠡᠵᠢᠯ ᠡᠵᠡᠮᠰᠢᢈᠦ ᠶ᠋ᠢ ᠤᠷᠢᠶᠠᠯᠠᠵᠤ ᠪᠠᠶᠢᠨᠠ᠃
