ᠰᠠᠶᠢᠳ ᠴ᠊·ᠨᠣᠮᠢᠨ «ᠢ-ᠮᠣᠩᠭᠤᠯ ᠠᠻᠠᠳᠧᠮᠢ» ᠪᠠᠶᠢᠭᠤᠯᠤᠯᠭ᠎ᠠ ᠶᠢᠨ ᠴᠢᠨᠠᠭᠰᠢᠳᠠ ᠶᠢᠨ ᠰᠲ᠋ᠷᠠᠲ᠋ᠧᠭᠢ ᠶᠢᠨ ᠲᠡᠷᠢᠭᠦᠯᠡᠬᠦ ᠵᠣᠷᠢᠯᠲᠠ ᠶᠢ ᠬᠡᠯᠡᠯᠴᠡᠯ ᠢᠶᠡᠨ


ᠴᠠᠬᠢᠮ ᠬᠥᠭᠵᠢᠯ᠂ ᠢᠨ᠋᠊᠊ᠨᠣᠸᠠᠼ᠂ ᠬᠠᠷᠢᠯᠴᠠᠭ᠎ᠠ ᠬᠣᠯᠪᠤᠭᠠᠨ ᠤ ᠰᠠᠶᠢᠳ ᠴ᠊·ᠨᠣᠮᠢᠨ ᠲᠤᠰ ᠶᠠᠮᠤᠨ ᠤ ᠲᠥᠷᠦ ᠶᠢᠨ ᠨᠠᠷᠢᠨ ᠪᠢᠴᠢᠭ ᠦᠨ ᠳᠠᠷᠤᠭ᠎ᠠ ᠴ᠊·ᠵᠣᠯᠪᠠᠶᠠᠷ ᠪᠣᠯᠤᠨ ᠪᠤᠰᠤᠳ ᠠᠯᠪᠠᠨ ᠤ ᠲᠥᠯᠦᠭᠡᠯᠡᠭᠴᠢ ᠶᠢᠨ ᠬᠠᠮᠲᠤ «ᠢ-ᠮᠣᠩᠭᠤᠯ ᠠᠻᠠᠳᠧᠮᠢ» УТҮГ-ын ᠦᠢᠯᠡ ᠠᠵᠢᠯᠯᠠᠭ᠎ᠠ ᠲᠠᠢ ᠲᠠᠨᠢᠯᠴᠠᠵᠤ᠂ «ᠤᠬᠠᠭᠠᠯᠢᠭ ᠵᠠᠰᠠᠭ II» ᠲᠥᠰᠦᠯ ᠦᠨ ᠬᠡᠷᠡᠭᠵᠢᠯᠲᠡ᠂ ᠬᠦᠷᠦᠭᠰᠡᠨ ᠦᠷ᠎ᠡ ᠳ᠋ᠦᠩ᠂ ᠲᠤᠯᠭᠠᠮᠳᠠᠵᠤ ᠪᠤᠢ ᠠᠰᠠᠭᠤᠳᠠᠯ᠂ ᠴᠢᠨᠠᠭᠰᠢᠳᠠ ᠶᠢᠨ ᠰᠲ᠋ᠷᠠᠲ᠋ᠧᠭᠢ ᠶᠢᠨ ᠵᠣᠷᠢᠯᠲᠠ ᠶᠢᠨ ᠲᠠᠯ᠎ᠠ ᠪᠠᠷ ᠰᠠᠨᠠᠯ ᠰᠣᠯᠢᠯᠴᠠᠯ᠎ᠠ᠃

«ᠤᠬᠠᠭᠠᠯᠢᠭ ᠵᠠᠰᠠᠭ II» ᠲᠥᠰᠦᠯ ᠦᠨ ᠬᠦᠷᠢᠶᠡᠨ ᠳᠦ ᠲᠥᠷᠦ᠂ ᠬᠤᠪᠢ ᠶᠢᠨ ᠬᠡᠪᠰᠢᠯ ᠦᠨ ᠬᠠᠮᠲᠤ ᠶᠢᠨ ᠠᠵᠢᠯᠯᠠᠭ᠎ᠠ ᠪᠠᠷ 75 ᠦᠢᠯᠡᠴᠢᠯᠡᠭᠡ ᠶᠢ ᠴᠠᠬᠢᠮᠵᠢᠭᠤᠯᠵᠤ ᠪᠠᠶᠢᠨ᠎ᠠ᠃ 2027 ᠣᠨ ᠠᠴᠠ ᠬᠤᠷᠠ ᠮᠡᠳᠡᠭᠡᠯᠡᠯ ᠰᠣᠯᠢᠯᠴᠠᠭᠠᠨ ᠤ ᠰᠢᠰᠲ᠋ᠧᠮ ᠢ ᠲᠠᠷᠬᠠᠮᠠᠯ ᠳᠡᠳ᠋ ᠪᠦᠲᠦᠴᠡ ᠳᠦ ᠰᠢᠯᠵᠢᠭᠦᠯᠬᠦ᠂ ᠲᠥᠷᠦ ᠶᠢᠨ ᠶᠡᠬᠡ ᠥᠭᠭᠦᠭᠳᠡᠯ ᠦᠨ ᠫᠯᠠᠲ᠋ᠹᠣᠷᠮ ᠢ ᠪᠤᠢ ᠪᠣᠯᠭᠤᠬᠤ ᠠᠵᠢᠯ ᠢ ᠡᠬᠢᠯᠡᠭᠦᠯᠬᠦ ᠪᠡᠷ ᠲᠥᠯᠦᠪᠯᠡᠵᠦ ᠪᠠᠶᠢᠨ᠎ᠠ᠃

ᠡᠨᠡ ᠬᠦᠷᠢᠶᠡᠨ ᠳᠦ ᠲᠥᠷᠦ ᠶᠢᠨ ᠶᠡᠬᠡ ᠥᠭᠭᠦᠭᠳᠡᠯ ᠢ ᠨᠢᠭᠡᠳᠬᠡᠬᠦ᠂ ᠪᠣᠯᠪᠠᠰᠤᠷᠠᠭᠤᠯᠬᠤ᠂ ᠳ᠋ᠦᠩ ᠰᠢᠨᠵᠢᠯᠡᠭᠡ ᠬᠢᠬᠦ ᠪᠣᠯᠤᠮᠵᠢ ᠣᠯᠭᠤᠬᠤ Data Lakehouse ᠠᠷᠬᠢᠲ᠋ᠧᠻᠲ᠋ᠦ᠋ᠷ ᠢ ᠨᠡᠪᠲᠡᠷᠡᠭᠦᠯᠵᠦ᠂ ᠥᠭᠭᠦᠭᠳᠡᠯ ᠦᠨ ᠴᠢᠨᠠᠷ᠂ ᠠᠶᠤᠯ ᠦᠭᠡᠢ ᠪᠠᠶᠢᠳᠠᠯ᠂ ᠠᠰᠢᠭᠯᠠᠯᠲᠠ ᠶᠢ ᠰᠠᠶᠢᠵᠢᠷᠠᠭᠤᠯᠤᠨ᠎ᠠ᠃ ᠢᠩᠭᠢᠭᠰᠡᠨ ᠢᠶᠡᠷ ᠮᠣᠩᠭᠤᠯ ᠤᠯᠤᠰ ᠥᠭᠡᠷ᠎ᠡ ᠶᠢᠨ ᠥᠭᠭᠦᠭᠳᠡᠯ᠂ ᠳᠡᠳ᠋ ᠪᠦᠲᠦᠴᠡ ᠳᠦ ᠲᠤᠯᠭᠠᠭᠤᠷᠢᠯᠠᠨ ᠰᠤᠳᠤᠯᠭ᠎ᠠ᠂ ᠰᠢᠨᠵᠢᠯᠡᠭᠡ ᠬᠢᠬᠦ ᠴᠢᠳᠠᠪᠬᠢ ᠪᠠᠨ ᠨᠡᠮᠡᠭᠳᠡᠭᠦᠯᠦᠨ᠎ᠡ᠃ ᠮᠥᠨ ᠬᠢᠮᠡᠯ ᠣᠶᠤᠨ ᠤ ᠬᠥᠭᠵᠢᠯ ᠢ ᠰᠢᠨ᠎ᠡ ᠱᠠᠲᠤᠨ ᠳᠤ ᠭᠠᠷᠭᠠᠬᠤ ᠰᠠᠭᠤᠷᠢ ᠪᠦᠷᠢᠳᠦᠨ᠎ᠡ᠃

ᠲᠡᠭᠦᠨᠴᠢᠯᠡᠨ ᠲᠥᠷᠦ ᠶᠢᠨ ᠪᠠᠶᠢᠭᠤᠯᠤᠯᠭ᠎ᠠ ᠨᠤᠭᠤᠳ ᠤᠨ ᠴᠠᠬᠢᠮ ᠰᠢᠰᠲ᠋ᠧᠮ᠂ ᠦᠢᠯᠡᠴᠢᠯᠡᠭᠡ ᠶᠢ Gov᠊·mn ᠫᠯᠠᠲ᠋ᠹᠣᠷᠮ ᠳᠤ ᠨᠢᠭᠡᠳᠬᠡᠬᠦ᠂ ᠭᠠᠳᠠᠭᠠᠳᠤ ᠠᠴᠠ E-Mongolia ᠰᠢᠰᠲ᠋ᠧᠮ ᠳᠦ ᠨᠡᠪᠲᠡᠷᠡᠬᠦ ᠪᠣᠯᠤᠮᠵᠢ ᠶᠢ ᠰᠠᠶᠢᠵᠢᠷᠠᠭᠤᠯᠬᠤ᠂ ᠲᠣᠭᠠᠨ ᠭᠠᠷ ᠤᠨ ᠦᠰᠦᠭ ᠦᠨ ᠦᠢᠯᠡᠴᠢᠯᠡᠭᠡ ᠶᠢ ᠬᠢᠯᠪᠠᠷᠰᠢᠭᠤᠯᠬᠤ ᠠᠰᠠᠭᠤᠳᠠᠯ ᠢ ᠬᠡᠯᠡᠯᠴᠡᠯ᠎ᠡ᠃

ᠴᠢᠨᠠᠭᠰᠢᠳᠠ ᠢᠷᠭᠡᠨ᠂ ᠠᠵᠤ ᠠᠬᠤᠢ ᠶᠢᠨ ᠨᠢᠭᠡᠴᠡ ᠡᠴᠡ ᠮᠡᠳᠡᠭᠡᠯᠡᠯ ᠢ ᠨᠢᠭᠡ ᠯᠠ ᠤᠳᠠᠭ᠎ᠠ ᠠᠪᠴᠤ᠂ ᠲᠥᠷᠦ ᠶᠢᠨ ᠪᠠᠶᠢᠭᠤᠯᠤᠯᠭ᠎ᠠ ᠨᠤᠭᠤᠳ ᠬᠣᠭᠤᠷᠤᠨᠳᠤ ᠪᠠᠨ ᠰᠣᠯᠢᠯᠴᠠᠨ ᠠᠰᠢᠭᠯᠠᠬᠤ «Once Only» ᠵᠠᠷᠴᠢᠮ ᠢ ᠬᠡᠷᠡᠭᠵᠢᠭᠦᠯᠦᠨ᠎ᠡ᠃ ᠡᠭᠦᠨ ᠦ ᠵᠡᠷᠭᠡᠴᠡᠭᠡ ᠢᠷᠭᠡᠳ ᠦᠨ ᠬᠡᠷᠡᠭᠴᠡᠭᠡ᠂ ᠨᠥᠬᠦᠴᠡᠯ ᠪᠠᠶᠢᠳᠠᠯ ᠳᠤ ᠨᠡᠶᠢᠴᠡᠭᠰᠡᠨ ᠦᠢᠯᠡᠴᠢᠯᠡᠭᠡ ᠶᠢ ᠤᠷᠢᠳᠴᠢᠯᠠᠨ ᠬᠦᠷᠭᠡᠳᠡᠭ проактив ᠲᠥᠷᠦ ᠶᠢᠨ ᠦᠢᠯᠡᠴᠢᠯᠡᠭᠡ ᠶᠢ ᠬᠥᠭᠵᠢᠭᠦᠯᠬᠦ ᠪᠡᠷ ᠵᠣᠷᠢᠵᠤ ᠪᠠᠶᠢᠨ᠎ᠠ᠃

ᠮᠥᠨ «ᠢ-ᠮᠣᠩᠭᠤᠯ ᠠᠻᠠᠳᠧᠮᠢ» УТҮГ-ын ᠬᠠᠷᠢᠭᠤᠴᠠᠨ ᠬᠥᠭᠵᠢᠭᠦᠯᠬᠦ ᠦᠨᠳᠦᠰᠦᠨ ᠰᠢᠰᠲ᠋ᠧᠮ ᠦᠳ ᠦᠨ ᠬᠦᠷᠢᠶ᠎ᠡ ᠶᠢ ᠲᠣᠳᠤᠷᠬᠠᠢ ᠪᠣᠯᠭᠤᠵᠤ᠂ ᠪᠤᠰᠤᠳ ᠰᠢᠰᠲ᠋ᠧᠮ ᠦᠨ ᠬᠥᠭᠵᠢᠭᠦᠯᠦᠯᠲᠡ ᠳᠦ ᠬᠤᠪᠢ ᠶᠢᠨ ᠬᠡᠪᠰᠢᠯ ᠦᠨ ᠣᠷᠤᠯᠴᠠᠭ᠎ᠠ ᠶᠢ ᠨᠡᠮᠡᠭᠳᠡᠭᠦᠯᠬᠦ ᠵᠠᠮ ᠢᠶᠠᠷ ᠲᠥᠷᠦ ᠶᠢᠨ ᠴᠠᠬᠢᠮ ᠦᠢᠯᠡᠴᠢᠯᠡᠭᠡᠨ ᠦ ᠴᠢᠨᠠᠷ᠂ ᠬᠦᠷᠲᠡᠭᠡᠮᠵᠢ ᠶᠢ ᠰᠠᠶᠢᠵᠢᠷᠠᠭᠤᠯᠬᠤ ᠳᠤ ᠠᠩᠬᠠᠷᠤᠨ᠎ᠠ᠃

ᠴᠠᠬᠢᠮ ᠢᠶᠠᠷ ᠰᠶᠢᠳᠴᠦ᠂ ᠴᠠᠭ᠎ᠠ ᠬᠡᠮᠨᠡᠶ ᠡ E-Mongolia

ᠨᠡᠶᠢᠲᠡᠯᠡᠭᠰᠡᠨ᠄