ᠨᠣᠭᠤᠭᠠᠨ ᠢᠷᠡᠭᠡᠳᠦᠢ ᠶᠢᠨ ᠲᠥᠯᠦᠭᠡ «ᠢ-ᠮᠣᠩᠭᠤᠯ ᠠᠻᠠᠳᠧᠮᠢ»-ᠡᠶᠢᠨ ᠬᠠᠮᠲᠤ ᠣᠯᠠᠨ ᠮᠣᠳᠤ ᠲᠠᠷᠢᠯ᠎ᠠ


ᠡᠬᠡ ᠳᠡᠯᠡᠬᠡᠢ ᠪᠡᠨ ᠬᠠᠶᠢᠷᠠᠯᠠᠬᠤ᠂ ᠨᠣᠭᠤᠭᠠᠨ ᠪᠠᠶᠢᠭᠤᠯᠤᠮᠵᠢ ᠶᠢ ᠨᠡᠮᠡᠭᠳᠡᠭᠦᠯᠬᠦ ᠵᠣᠷᠢᠯᠭ᠎ᠠ ᠲᠠᠶ ᠮᠣᠩᠭᠤᠯ ᠤᠯᠤᠰ ᠤᠨ ᠶᠡᠷᠦᠩᠬᠡᠶᠢᠯᠡᠭᠴᠢ ᠶᠢᠨ ᠰᠠᠨᠠᠭᠠᠴᠢᠯᠠᠭᠰᠠᠨ «ᠲᠡᠷᠪᠤᠮ ᠮᠣᠳᠤ» ᠦᠨᠳᠦᠰᠦᠨ ᠦ ᠬᠥᠳᠡᠯᠭᠡᠭᠡᠨ ᠪᠣᠯᠤᠨ «ᠠᠯᠲᠠᠨ ᠨᠠᠮᠤᠷ – ᠮᠣᠳᠤ ᠲᠠᠷᠢᠬᠤ ᠤᠯᠠᠷᠢᠯ» ᠠᠶᠠᠨ ᠢ ᠳᠡᠮᠵᠢᠨ «ᠢ-ᠮᠣᠩᠭᠤᠯ ᠠᠻᠠᠳᠧᠮᠢ» УТҮГ-ын ᠬᠠᠮᠲᠤ ᠣᠯᠠᠨ ᠪᠦᠬᠦ ᠨᠡᠶᠢᠲᠡ ᠪᠡᠷ ᠮᠣᠳᠤ ᠲᠠᠷᠢᠬᠤ ᠡᠳᠦᠷᠯᠢᠭ ᠲᠦ ᠨᠢᠭᠡᠲᠡᠨᠦᠯ᠎ᠡ᠃

ᠪᠢᠳᠡ 2026 ᠣᠨ ᠤ 10 ᠳ᠋ᠤᠭᠠᠷ ᠰᠠᠷ᠎ᠠ ᠶᠢᠨ 03 ᠤ ᠡᠳᠦᠷ ᠪᠠᠶᠠᠨᠵᠢᠷᠦᠬᠡ ᠳᠡᠭᠦᠷᠭᠡ ᠶᠢᠨ 28 ᠳ᠋ᠤᠭᠠᠷ ᠬᠣᠷᠢᠶ᠎ᠠ᠂ Хужирбуланд ᠪᠠᠶᠢᠷᠢᠯᠠᠬᠤ ᠣᠯᠠᠨ ᠤᠯᠤᠰ ᠤᠨ Эко ᠴᠡᠴᠡᠷᠯᠢᠭ ᠲᠦ ᠬᠦᠷᠢᠶᠡᠯᠡᠩ ᠢ ᠵᠣᠷᠢᠵᠤ᠂ ᠪᠠᠶᠢᠭᠠᠯᠢ ᠣᠷᠴᠢᠨ ᠢᠶᠠᠨ ᠬᠠᠮᠠᠭᠠᠯᠠᠬᠤ ᠦᠢᠯᠡᠰ ᠲᠦ ᠥᠪᠡᠷᠰᠡᠳ ᠦᠨ ᠬᠤᠪᠢ ᠨᠡᠮᠡᠷᠢ ᠶᠢ ᠣᠷᠤᠭᠤᠯᠤᠨ ᠮᠣᠳᠤ ᠰᠠᠭᠤᠯᠭᠠᠯ᠎ᠠ᠃

ᠪᠢᠳᠡᠨ ᠦ ᠥᠨᠦᠳᠦᠷ ᠲᠠᠷᠢᠭᠰᠠᠨ ᠮᠣᠳᠤ ᠪᠦᠷᠢ ᠬᠣᠶᠢᠴᠢ ᠦᠶ᠎ᠡ ᠳᠦ ᠪᠡᠨ ᠥᠪᠯᠡᠭᠦᠯᠦᠨ ᠦᠯᠡᠳᠡᠭᠡᠬᠦ ᠬᠠᠮᠤᠭ ᠤᠨ ᠦᠨ᠎ᠡ ᠴᠡᠨ᠎ᠡ ᠲᠡᠶ ᠨᠣᠭᠤᠭᠠᠨ ᠪᠠᠶᠠᠯᠢᠭ ᠪᠢᠯᠡ᠃ «ᠢ-ᠮᠣᠩᠭᠤᠯ ᠠᠻᠠᠳᠧᠮᠢ»- ᠤᠨ ᠬᠠᠮᠲᠤ ᠣᠯᠠᠨ ᠨᠡᠶᠢᠭᠡᠮ ᠦᠨ ᠬᠠᠷᠢᠭᠤᠴᠠᠯᠭ᠎ᠠ ᠪᠠᠨ ᠤᠬᠠᠮᠰᠠᠷᠯᠠᠨ ᠲᠣᠭᠲᠠᠪᠤᠷᠢ ᠲᠠᠶ ᠬᠥᠭᠵᠢᠯ ᠢ ᠳᠡᠮᠵᠢᠬᠦ᠂ ᠪᠠᠶᠢᠭᠠᠯᠢ ᠳᠤ ᠡᠭᠡᠯᠢᠲᠡᠢ ᠰᠠᠶᠢᠨ ᠦᠢᠯᠡᠰ ᠢ ᠴᠢᠨᠠᠭᠰᠢᠳᠠ ᠴ ᠲᠦᠭᠦᠴᠢᠭᠡᠯᠡᠨ ᠬᠡᠷᠡᠭᠵᠢᠭᠦᠯᠬᠦ ᠪᠣᠯᠤᠨ᠎ᠠ᠃

🌱 ᠨᠢᠭᠡ ᠮᠣᠳᠤ – ᠨᠢᠭᠡ ᠢᠷᠡᠭᠡᠳᠦᠢ! 🌳 «ᠲᠡᠷᠪᠤᠮ ᠮᠣᠳᠤ – ᠲᠠᠨ ᠤ ᠲᠠᠷᠢᠬᠤ ᠨᠢᠭᠡ ᠮᠣᠳᠤᠨ ᠠᠴᠠ ᠡᠬᠢᠯᠡᠨ᠎ᠡ»

ᠨᠡᠶᠢᠲᠡᠯᠡᠭᠰᠡᠨ᠄